ᠮᠣᠩᠭᠣᠯ ᠣᠮᠣᠭᠰᠢᠯ-ᠰ᠂ ᠵᠢᠪᠬᠤᠯᠠᠩMongol omogshil-S,JavkhlanМонгол омогшил-С,Жавхлан
ᠮᠣᠩᠭᠣᠯ ᠣᠮᠣᠭᠰᠢᠯ
ᠦᠭᠡ᠄ ᠰ᠂ ᠵᠢᠪᠬᠤᠯᠠᠩ
ᠠᠶ᠎ᠠ᠄ ᠪ᠂ ᠮᠠᠭᠰᠤᠷᠵᠠᠪ
ᠳᠠᠭᠤᠴᠢᠨ᠄ ᠰ᠂ ᠵᠢᠪᠬᠤᠯᠠᠩ
ᠲᠡᠨᠡᠷᠡᠨ ᠴᠡᠯᠡᠢᠵᠦ ᠯᠠ ᠪᠠᠢᠪᠠᠯ
ᠲᠡᠷᠡ ᠮᠣᠩᠭᠣᠯ ᠨᠤᠲᠤᠭ
ᠮᠡᠨᠳᠦ ᠲᠡᠢ ᠤᠰᠤ ᠲᠠᠢ ᠪᠣᠯᠪᠠᠯ
ᠲᠡᠷᠡ ᠮᠣᠩᠭᠣᠯ ᠬᠥᠮᠦᠨ ᠰᠢᠦ
ᠬᠣᠭᠣᠯᠠᠢ ᠵᠠᠩᠭᠢᠷᠠᠭᠤᠯᠤᠨ ᠣᠮᠣᠭᠰᠢᠬᠤ
ᠮᠣᠩᠭᠣᠯᠴᠤᠳ ᠤ᠋ᠨ ᠰᠡᠳᠬᠢᠯ
ᠬᠣᠲᠠᠯᠠ ᠣᠯᠠᠨ ᠢ᠋ᠶ᠋ᠠᠷ ᠢ᠋ᠶ᠋ᠠᠨ
ᠨᠢᠭᠡᠳᠬᠦ ᠶ᠋ᠢᠨ ᠢᠷᠦᠭᠡᠯ ᠲᠡᠢ
ᠣᠪᠣᠭ᠎ᠠ ᠲᠠᠬᠢᠯᠭ᠎ᠠ ᠲᠠᠢ ᠪᠣᠯᠪᠠᠯ
ᠲᠡᠷᠡ ᠮᠣᠩᠭᠣᠯ ᠨᠤᠲᠤᠭ
ᠣᠳᠣ ᠲᠠᠢ ᠬᠡᠢᠮᠣᠷᠢ ᠲᠠᠢ ᠶᠠᠪᠤᠪᠠᠯ
ᠲᠡᠷᠡ ᠮᠣᠩᠭᠣᠯ ᠬᠥᠮᠦᠨ ᠰᠢᠦ
ᠬᠣᠭᠣᠯᠠᠢ ᠵᠠᠩᠭᠢᠷᠠᠭᠤᠯᠤᠨ ᠣᠮᠣᠭᠰᠢᠬᠤ
ᠮᠣᠩᠭᠣᠯᠴᠤᠳ ᠤ᠋ᠨ ᠰᠡᠳᠬᠢᠯ
ᠬᠣᠲᠠᠯᠠ ᠣᠯᠠᠨ ᠢ᠋ᠶ᠋ᠠᠷ ᠢ᠋ᠶ᠋ᠠᠨ
ᠡᠪᠯᠡᠬᠦ ᠶ᠋ᠢᠨ ᠤᠴᠢᠷ ᠲᠠᠢ
ᠬᠣᠭᠣᠯᠠᠢ ᠵᠠᠩᠭᠢᠷᠠᠭᠤᠯᠤᠨ ᠣᠮᠣᠭᠰᠢᠬᠤ
ᠮᠣᠩᠭᠣᠯᠴᠤᠳ ᠤ᠋ᠨ ᠰᠡᠳᠬᠢᠯ
ᠬᠣᠲᠠᠯᠠ ᠣᠯᠠᠨ ᠢ᠋ᠶ᠋ᠠᠷ ᠢ᠋ᠶ᠋ᠠᠨ
ᠡᠪᠯᠡᠬᠦ ᠶ᠋ᠢᠨ ᠢᠷᠦᠭᠡᠯ ᠲᠡᠢ
ᠳᠡᠭᠡᠷ᠎ᠡ ᠨᠢ ᠢᠷᠠᠯᠵᠠᠭᠰᠠᠨ ᠮᠡᠯᠮᠡᠷᠡᠯ
ᠲᠡᠷᠡ ᠬᠡᠷᠦᠯᠦᠨ ᠭᠣᠣᠯ ᠠ᠋
ᠬᠡᠳᠦ ᠶ᠋ᠢᠨ ᠠᠮᠢᠳᠤᠷᠠᠯ ᠢ᠋ ᠢᠷᠦᠭᠡᠭᠰᠡᠨ
ᠲᠡᠷᠡ ᠡᠵᠢ ᠮᠢᠨᠢ ᠶᠦᠮ ᠰᠢᠦ
ᠬᠣᠭᠣᠯᠠᠢ ᠵᠠᠩᠭᠢᠷᠠᠭᠤᠯᠤᠨ ᠣᠮᠣᠭᠰᠢᠬᠤ
ᠮᠣᠩᠭᠣᠯᠴᠤᠳ ᠤ᠋ᠨ ᠰᠡᠳᠬᠢᠯ
ᠬᠣᠲᠠᠯᠠ ᠣᠯᠠᠨ ᠢ᠋ᠶ᠋ᠠᠷ ᠢ᠋ᠶ᠋ᠠᠨ
ᠵᠢᠷᠭᠠᠬᠤ ᠶ᠋ᠢᠨ ᠵᠠᠶᠠᠭ᠎ᠠ ᠲᠠᠢ
ᠲᠩᠷᠢ ᠪᠡᠨ ᠮᠥᠷᠥᠯᠡᠨ ᠬᠠᠩᠬᠠᠢᠭᠰᠠᠨ
ᠲᠡᠷᠡ ᠪᠤᠷᠬᠠᠨ ᠬᠠᠯᠳᠤᠨ ᠠᠭᠤᠯᠠ
ᠲᠦᠮᠡᠨ ᠦ᠌ ᠪᠡᠨ ᠲᠥᠯᠥᠭᠡ ᠯᠡ ᠭᠡᠰᠡᠨ
ᠲᠡᠷᠡ ᠠᠪᠤ ᠮᠢᠨᠢ ᠶᠦᠮ ᠰᠢᠦ
ᠬᠣᠭᠣᠯᠠᠢ ᠵᠠᠩᠭᠢᠷᠠᠭᠤᠯᠤᠨ ᠣᠮᠣᠭᠰᠢᠬᠤ
ᠮᠣᠩᠭᠣᠯᠴᠤᠳ ᠤ᠋ᠨ ᠰᠡᠳᠬᠢᠯ
ᠬᠣᠲᠠᠯᠠ ᠣᠯᠠᠨ ᠢ᠋ᠶ᠋ᠠᠷ ᠢ᠋ᠶ᠋ᠠᠨ
ᠮᠥᠩᠬᠡᠷᠡᠬᠦ ᠶ᠋ᠢᠨ ᠲᠠᠪᠢᠯᠠᠩ ᠲᠠᠢ
ᠬᠣᠭᠣᠯᠠᠢ ᠵᠠᠩᠭᠢᠷᠠᠭᠤᠯᠤᠨ ᠣᠮᠣᠭᠰᠢᠬᠤ
ᠮᠣᠩᠭᠣᠯᠴᠤᠳ ᠤ᠋ᠨ ᠰᠡᠳᠬᠢᠯ
ᠬᠣᠲᠠᠯᠠ ᠣᠯᠠᠨ ᠢ᠋ᠶ᠋ᠠᠷ ᠢ᠋ᠶ᠋ᠠᠨ
ᠮᠥᠩᠬᠡᠷᠡᠬᠦ ᠶ᠋ᠢᠨ ᠲᠠᠪᠢᠯᠠᠩ ᠲᠠᠢ
ᠮᠣᠩᠭᠣᠯ ᠮᠣᠩᠭᠣᠯ ᠢ᠋ᠶ᠋ᠠᠷ ᠢ᠋ᠶ᠋ᠠᠨ ᠪᠠᠳᠠᠷᠠᠬᠤ ᠶ᠋ᠢᠨ ᠲᠠᠪᠢᠯᠠᠩ ᠲᠠᠢ
ᠦᠰᠦᠭ ᠬᠠᠳᠠᠭᠴᠢ᠄ ᠬᠠᠨ ᠱᠢ ᠵᠢᠶᠦ᠋ᠨ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠬᠢᠨᠠᠭᠴᠢ ᠪᠠᠭᠰᠢ᠄ ᠣᠳᠬᠠᠨᠰᠣ᠎ᠠ
