ᠵᠡᠭᠦᠳᠦᠯᠡᠵᠦ ᠵᠢᠷᠭᠠᠯ᠎ᠠ ᠴᠢᠮ᠎ᠠ ᠪᠠᠨ -ᠪ·ᠣᠳᠬᠣᠨᠪᠠᠶᠠᠷZüüdelj jargal chamaa-B·OtgonbayarЗүүдэлж жаргал чамаа-Б·Отгонбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠯᠡᠵᠦ ᠵᠢᠷᠭᠠᠯ᠎ᠠ ᠴᠢᠮ᠎ᠠ ᠪᠠᠨ -ᠪ·ᠣᠳᠬᠣᠨᠪᠠᠶᠠᠷZüüdelj jargal chamaa-B·OtgonbayarЗүүдэлж жаргал чамаа-Б·Отгонбаяр

ᠵᠡᠭᠦᠳᠦᠯᠡᠵᠦ ᠵᠢᠷᠭᠠᠯ᠎ᠠ ᠴᠢᠮ᠎ᠠ ᠪᠠᠨ -ᠪ·ᠣᠳᠬᠣᠨᠪᠠᠶᠠᠷZüüdelj jargal chamaa-B·OtgonbayarЗүүдэлж жаргал чамаа-Б·Отгонбаяр

ᠠᠩᠭᠢᠯᠠᠯ:ᠳᠠᠭᠤᠤ ᠬᠥᠭᠵᠢᠮ
2025-12-11

534

ᠵᠡᠭᠦᠳᠦᠯᠡᠵᠦ ᠵᠢᠷᠭᠠᠯ᠎ᠠ ᠴᠢᠮ᠎ᠠ ᠪᠠᠨ


       ᠦᠭᠡ᠄ ᠴ· ᠴᠠᠭᠨᠠᠳᠣᠷᠵᠢ    
       ᠠᠶ᠎ᠠ᠄  ᠪ· ᠰᠦᠬᠡᠪᠠᠭᠠᠲᠤᠷ 
       ᠳᠠᠭᠤᠴᠢᠨ᠄ ᠤ᠋·ᠣᠳᠬᠣᠨᠪᠠᠶᠠᠷ  

ᠶᠠᠪᠤᠭᠤᠯ ᠤ᠋ᠨ ᠭᠡᠢᠴᠢᠨ ᠡᠴᠡ ᠴᠢᠮ᠎ᠠ ᠪᠠᠨ ᠠᠰᠠᠭᠤᠯ᠎ᠠ 
ᠶᠠᠭᠠᠬᠢᠭᠠᠳ ᠢᠩᠭᠢᠲᠡᠯ᠎ᠡ ᠪᠡᠨ ᠰᠠᠨᠠᠳᠠᠭ ᠶᠤᠮ ᠪᠣᠯ ᠳᠠ 
ᠶᠠᠭᠠᠷᠠᠨ ᠶᠠᠭᠠᠷᠠᠨ ᠠᠭᠤᠯᠵᠠᠮᠠᠷ ᠪᠠᠢᠬᠤ ᠴᠢᠨᠢ 
ᠶᠠᠮᠠᠷᠬᠠᠨ ᠬᠠᠢᠷ᠎ᠠ ᠪᠠᠷ ᠲᠠᠲᠠᠭᠰᠠᠨ ᠶᠤᠮ ᠪᠣᠯ ᠳᠠ 
ᠵᠡᠭᠦᠳᠦᠯᠡᠭᠡᠳ ᠰᠡᠷᠢᠯ᠎ᠡ ᠰᠠᠢᠬᠠᠨ ᠴᠢᠮ᠎ᠠ ᠪᠠᠨ 
ᠵᠢᠷᠦᠬᠡᠨ ᠳ᠋ᠦ᠍ ᠮᠢᠨᠢ ᠬᠡᠵᠢᠶ᠎ᠡ ᠵᠣᠴᠢᠯᠠᠬᠤ ᠶᠤᠮ ᠪᠣᠢ 
ᠳᠠᠭᠤᠯᠠᠨ ᠳᠠᠭᠤᠯᠠᠨ ᠴᠢᠮ᠎ᠠ ᠪᠠᠷ ᠢ᠋ᠶ᠋ᠠᠨ ᠭᠠᠩᠭᠠᠷᠠᠯ᠎ᠠ 
ᠳᠤᠷᠠᠯᠠᠯ ᠤ᠋ᠨ ᠨᠢᠯᠪᠤᠰᠤ ᠪᠠᠨ ᠠᠷᠴᠢᠭᠤᠯᠵᠤ ᠭᠤᠶᠤᠯ᠎ᠠ

ᠨᠡᠭᠦᠳᠡᠯ ᠦ᠋ᠨ ᠰᠢᠪᠠᠭᠤᠳ ᠠ᠋ᠴᠠ ᠴᠢᠮ᠎ᠠ ᠪᠠᠨ ᠰᠤᠷᠠᠭᠯᠠᠯ᠎ᠠ
ᠨᠡᠭᠦᠭᠰᠡᠭᠡᠷ ᠨᠡᠭᠦᠭᠰᠡᠭᠡᠷ ᠬᠡᠵᠢᠶ᠎ᠡ ᠢᠷᠡᠬᠦ ᠪᠣᠢ
ᠬᠠᠴᠢᠨ ᠴᠢᠮᠡᠭᠡ ᠦᠭᠡᠢ ᠰᠠᠨᠠᠭᠠᠳ ᠯᠠ ᠪᠠᠢᠬᠤ ᠴᠢᠨᠢ
ᠬᠠᠮᠢᠭ᠎ᠠ ᠠ᠋ᠴᠠ ᠢᠷᠡᠭᠰᠡᠨ ᠰᠠᠢᠬᠠᠨ ᠬᠠᠢᠷ᠎ᠠ ᠪᠣᠢ
ᠵᠡᠭᠦᠳᠦᠯᠡᠭᠡᠳ ᠰᠡᠷᠢᠯ᠎ᠡ ᠰᠠᠢᠬᠠᠨ ᠴᠢᠮ᠎ᠠ ᠪᠠᠨ
ᠵᠢᠷᠦᠬᠡᠨ ᠳ᠋ᠦ᠍ ᠮᠢᠨᠢ ᠬᠡᠵᠢᠶ᠎ᠡ ᠵᠣᠴᠢᠯᠠᠬᠤ ᠶᠤᠮ ᠪᠣᠢ
ᠳᠠᠭᠤᠯᠠᠨ ᠳᠠᠭᠤᠯᠠᠨ ᠴᠢᠮ᠎ᠠ ᠪᠠᠷ ᠢ᠋ᠶ᠋ᠠᠨ ᠭᠠᠩᠭᠠᠷᠠᠯ᠎ᠠ
ᠳᠤᠷᠠᠯᠠᠯ ᠤ᠋ᠨ ᠨᠢᠯᠪᠤᠰᠤ ᠪᠠᠨ ᠠᠷᠴᠢᠭᠣᠯᠵᠤ ᠭᠤᠶᠤᠯ᠎ᠠ

ᠴᠢᠮ᠎ᠠ ᠶ᠋ᠢ ᠳᠤᠷᠠᠰᠤᠨ ᠳᠠᠭᠤᠤ ᠪᠠᠨ ᠳᠠᠭᠤᠯᠠᠯ᠎ᠠ
ᠴᠢᠩ ᠵᠢᠷᠦᠬᠡᠨ ᠡᠴᠡ ᠪᠡᠨ ᠰᠠᠨᠠᠭᠠᠳ ᠯᠠ ᠪᠠᠢᠬᠤ ᠶᠤᠮ ᠠ᠋
ᠬᠡᠨ ᠳ᠋ᠦ᠍ ᠴᠦ᠍  ᠬᠡᠯᠡᠯ ᠦᠭᠡᠢ ᠬᠦᠯᠢᠶᠡᠮᠡᠷ ᠪᠠᠢᠬᠤ ᠴᠢᠨᠢ
ᠬᠡᠵᠢᠶ᠎ᠡ ᠤᠴᠠᠷᠠᠬᠤ ᠨᠠᠨᠳᠢᠨ ᠬᠠᠢᠷ᠎ᠠ ᠪᠣᠢ
ᠵᠡᠭᠦᠳᠦᠯᠡᠭᠡᠳ ᠰᠡᠷᠢᠯ᠎ᠡ ᠰᠠᠢᠬᠠᠨ ᠴᠢᠮ᠎ᠠ ᠪᠠᠨ
ᠵᠢᠷᠦᠬᠡᠨ ᠳ᠋ᠦ᠍ ᠮᠢᠨᠢ ᠬᠡᠵᠢᠶ᠎ᠡ ᠵᠣᠴᠢᠯᠠᠬᠤ ᠶᠤᠮ ᠪᠣᠢ
ᠳᠠᠭᠤᠯᠠᠨ ᠳᠠᠭᠤᠯᠠᠨ ᠴᠢᠮ᠎ᠠ ᠪᠡᠷ ᠢ᠋ᠶ᠋ᠠᠨ ᠭᠠᠩᠭᠠᠷᠠᠯ᠎ᠠ
ᠳᠤᠷᠠᠯᠠᠯ ᠤ᠋ᠨ ᠨᠢᠯᠪᠤᠰᠤ ᠪᠠᠨ ᠠᠷᠴᠢᠭᠤᠯᠵᠤ ᠭᠤᠶᠤᠯ᠎ᠠ
ᠳᠤᠷᠠᠯᠠᠯ ᠤ᠋ᠨ ᠨᠢᠯᠪᠤᠰᠤ ᠪᠠᠨ ᠠᠷᠴᠢᠭᠤᠯᠵᠤ ᠭᠤᠶᠤᠯ᠎ᠠ

  ᠦᠰᠦᠭ ᠠᠮᠢᠯᠠᠭᠤᠯᠤᠭᠰᠠᠨ ᠨᠢ᠄ ᠰᠣᠨᠢᠨᠪᠠᠶᠠᠷ
  ᠦᠰᠦᠭ ᠬᠠᠲᠠᠭᠰᠠᠨ ᠨᠢ᠄ ᠪᠠᠢ· ᠰᠠᠷᠠᠨ᠎ᠠ
  ᠬᠢᠨᠠᠭᠴᠢ᠄ ᠰᠣᠨᠢᠨᠪᠠᠶᠠᠷ