ᠡᠢᠮᠦ ᠯᠡ ᠰᠠᠢᠬᠠᠨ ᠬᠠᠩᠭᠢᠨ ᠨᠤᠲᠤᠭ- ᠰᠡᠴᠡᠨᠪᠠᠭᠠᠲᠤᠷИйм л сайхан хангин нутаг-Сэцэнбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠢᠮᠦ ᠯᠡ ᠰᠠᠢᠬᠠᠨ ᠬᠠᠩᠭᠢᠨ ᠨᠤᠲᠤᠭ- ᠰᠡᠴᠡᠨᠪᠠᠭᠠᠲᠤᠷИйм л сайхан хангин нутаг-Сэцэнбаатар

ᠡᠢᠮᠦ ᠯᠡ ᠰᠠᠢᠬᠠᠨ ᠬᠠᠩᠭᠢᠨ ᠨᠤᠲᠤᠭ- ᠰᠡᠴᠡᠨᠪᠠᠭᠠᠲᠤᠷИйм л сайхан хангин нутаг-Сэцэнбаатар

ᠠᠩᠭᠢᠯᠠᠯ:ᠳᠠᠭᠤᠤ ᠬᠥᠭᠵᠢᠮ
2025-12-10

1006

ᠡᠢᠮᠦ ᠯᠡ ᠰᠠᠢᠬᠠᠨ ᠬᠠᠩᠭᠢᠨ ᠨᠤᠲᠤᠭ


      ᠦᠭᠡ᠄ ᠵᠢᠶᠠ᠂ ᠰᠤᠶᠤᠯᠪᠠᠭᠠᠲᠤᠷ 
      ᠠᠶ᠎ᠠ᠄ ᠰᠡᠴᠡᠨᠪᠠᠭᠠᠲᠤᠷ 
       ᠰᠡᠴᠡᠨᠪᠠᠭᠠᠲᠤᠷ ᠳᠠᠭᠤᠯᠠᠨ᠎ᠠ  

ᠪᠣᠳᠣᠯ ᠤ᠋ᠨ ᠬᠠᠩᠭᠠᠢ ᠳ᠋ᠤ᠌ ᠰᠦᠰᠦᠭ ᠳᠡᠭᠡᠳᠦᠯᠡᠭᠰᠡᠨ 
ᠪᠣᠳᠢ ᠬᠡᠢᠳ ᠦ᠋ᠨ ᠰᠦᠷᠯᠢᠭ ᠦᠵᠡᠮᠵᠢ ᠲᠡᠢ 
ᠰᠠᠴᠤᠯᠢ ᠶ᠋ᠢᠨ ᠰᠦ ᠶ᠋ᠢᠨ ᠥᠩᠭᠡ ᠪᠡᠷ ᠴᠠᠢᠷᠠᠭᠰᠠᠨ 
ᠮᠠᠩᠨᠠᠢ ᠨᠠᠭᠤᠷ ᠤ᠋ᠨ ᠮᠥᠩᠭᠥᠨ ᠮᠠᠨᠳᠠᠯ ᠲᠠᠢ᠂
ᠡᠢᠮᠦ ᠯᠡ ᠰᠠᠢᠬᠠᠨ ᠬᠠᠩᠭᠢᠨ ᠨᠤᠲᠤᠭ ᠢ᠋ᠶ᠋ᠠᠨ 
ᠬᠡᠨ ᠬᠠᠢᠷᠠᠯᠠᠬᠤ ᠦᠭᠡᠢ ᠴᠦ᠍ ᠪᠢ ᠬᠠᠢᠷᠠᠯᠠᠨ᠎ᠠ 
ᠡᠯᠢᠭᠡ ᠵᠢᠷᠦᠬᠡᠨ ᠡᠴᠡ ᠪᠡᠨ ᠤᠶᠠᠭᠠᠲᠠᠢ ᠨᠤᠲᠤᠭ ᠢ᠋ᠶ᠋ᠠᠨ 
ᠬᠡᠨ ᠳᠠᠭᠤᠯᠠᠬᠤ ᠦᠭᠡᠢ ᠴᠦ᠍ ᠪᠢ ᠳᠠᠭᠤᠯᠠᠨ᠎ᠠ᠃

ᠬᠣᠯᠠ ᠶ᠋ᠢᠨ ᠬᠣᠯᠠ ᠳ᠋ᠤ᠌ ᠰᠦᠮᠡᠯᠵᠡᠭᠡᠳ ᠪᠠᠢᠳᠠᠭ
ᠬᠣᠶᠠᠷ ᠨᠣᠮᠣᠬᠠᠨ ᠤ᠋ ᠠᠯᠤᠰ ᠤ᠋ᠨ ᠪᠠᠷ᠎ᠠ ᠲᠠᠢ
ᠲᠣᠷᠭᠠᠨ ᠬᠠᠳᠠᠭ ᠤ᠋ᠨ ᠴᠡᠩᠬᠡᠷ ᠨᠠᠮᠢᠷᠠᠭ᠎ᠠ ᠰᠢᠭ᠋
ᠲᠠᠤᠯᠠᠢ ᠶ᠋ᠢᠨ ᠭᠣᠣᠯ ᠤ᠋ᠨ ᠲᠤᠩᠭᠠᠯᠠᠭ ᠤᠷᠤᠰᠬᠠᠯ ᠲᠠᠢ᠂
ᠬᠠᠢᠷ᠎ᠠ ᠶ᠋ᠢᠨ ᠥᠯᠥᠭᠡᠢ ᠬᠠᠩᠭᠢᠨ ᠨᠤᠲᠤᠭ ᠢ᠋ᠶ᠋ᠠᠨ
ᠬᠡᠨ ᠬᠠᠢᠷᠠᠯᠠᠬᠤ ᠦᠭᠡᠢ ᠴᠦ᠍ ᠪᠢ ᠬᠠᠢᠷᠠᠯᠠᠨ᠎ᠠ
ᠬᠠᠨ ᠬᠣᠷᠸ᠎ᠠ ᠳ᠋ᠤ᠌ ᠭᠠᠭᠴᠠᠬᠠᠨ ᠨᠤᠲᠤᠭ ᠢ᠋ᠶ᠋ᠠᠨ
ᠬᠠᠮᠢᠭ᠎ᠠ ᠶᠠᠪᠤᠭᠰᠠᠨ ᠴᠤ᠌ ᠪᠢ ᠳᠠᠭᠤᠯᠠᠨ᠎ᠠ᠃

ᠳᠣᠮᠣᠭ ᠲᠡᠦᠬᠡ ᠶ᠋ᠢᠨ ᠴᠠᠳᠢᠭ ᠪᠣᠯᠤᠭᠰᠠᠨ
ᠳᠣᠯᠣᠭᠠᠨ ᠣᠳᠣᠨ ᠪᠤᠷᠬᠠᠨ ᠨᠠᠭᠤᠷ ᠲᠠᠢ
ᠲᠩᠷᠢᠯᠢᠭ ᠳᠡᠭᠡᠳᠦᠰ ᠦ᠋ᠨ ᠰᠦᠷ ᠢ᠋ ᠡᠷᠭᠦᠭᠰᠡᠨ
ᠲᠡᠮᠦᠵᠢᠨ ᠤᠳᠤᠮ ᠤ᠋ᠨ ᠠᠬᠠᠨ ᠳᠡᠭᠦᠦᠰ ᠲᠡᠢ᠂
ᠡᠢᠮᠦ ᠯᠡ ᠰᠠᠢᠬᠠᠨ ᠬᠠᠩᠭᠢᠨ ᠨᠤᠲᠤᠭ ᠢ᠋ᠶ᠋ᠠᠨ
ᠬᠡᠨ ᠬᠠᠢᠷᠠᠯᠠᠬᠤ ᠦᠭᠡᠢ ᠴᠦ᠍ ᠬᠠᠢᠷᠠᠯᠠᠨ᠎ᠠ
ᠡᠯᠢᠭᠡ ᠵᠢᠷᠦᠬᠡᠨ ᠡᠴᠡ ᠪᠡᠨ ᠤᠶᠠᠭᠠᠲᠠᠢ ᠨᠤᠲᠤᠭ ᠢ᠋ᠶ᠋ᠠᠨ
ᠬᠡᠨ ᠳᠠᠭᠤᠯᠠᠬᠤ ᠦᠭᠡᠢ ᠴᠦ᠍ ᠪᠢ ᠳᠠᠭᠤᠯᠠᠨ᠎ᠠ
ᠬᠡᠨ ᠬᠠᠢᠷᠠᠯᠠᠬᠤ ᠦᠭᠡᠢ ᠴᠦ᠍ ᠪᠢ ᠬᠠᠢᠷᠠᠯᠠᠨ᠎ᠠ᠃

         ᠦᠰᠦᠭ ᠬᠠᠳᠠᠭᠴᠢ᠄ ᠡᠩᠬᠡᠨᠠᠰᠤᠨ
         ᠦᠰᠦᠭ ᠠᠮᠢᠯᠠᠭᠤᠯᠤᠭᠴᠢ᠄ ᠤᠤᠭᠠᠨᠵᠢᠳ
         ᠬᠢᠨᠠᠭᠴᠢ᠄ ᠮᠡᠷᠭᠡᠨᠪᠢᠯᠢᠭ