ᠡᠵᠢ ᠶ᠋ᠢᠨ ᠨᠤᠲᠤᠭ ᠪᠠᠶᠠᠨ ᠡᠩᠭᠡᠷ -ᠰᠢᠵᠢᠷEejiin nutag bayan enger-ShijirЭэжийн нутаг баян энгэр-Шижир
ᠡᠵᠢ ᠶ᠋ᠢᠨ ᠨᠤᠲᠤᠭ ᠪᠠᠶᠠᠨ ᠡᠩᠭᠡᠷ
ᠦᠭᠡ᠄ ᠵᠠᠮᠪᠠᠯ ᠤ᠋ᠨ ᠠᠯᠲᠠᠨᠴᠢᠯᠠᠭᠤ
ᠠᠶ᠎ᠠ᠄ ᠮᠷᠭᠡᠨᠪᠠᠭᠠᠲᠤᠷ
ᠳᠠᠭᠤᠴᠢᠨ᠄ ᠰᠢᠵᠢᠷ
ᠠᠭᠤᠯᠵᠠᠷ ᠤ᠋ᠨ ᠰᠦᠮ᠎ᠡ᠂ ᠠᠮᠠᠨ ᠤᠰᠤ᠂ ᠪᠠᠬᠠᠷᠤᠯᠲᠠᠢ ᠰᠠᠢᠬᠠᠨ ᠨᠤᠲᠤᠭ
ᠠᠪᠤ ᠡᠵᠢ ᠶ᠋ᠢᠨ ᠮᠢᠨᠢ ᠠᠮᠢᠨ ᠰᠠᠬᠢᠶᠠᠨᠲᠤ ᠠᠰᠢᠳᠠ ᠶ᠋ᠢᠨ ᠪᠤᠶᠠᠨᠲᠤ ᠥᠯᠥᠭᠡᠢ
ᠡᠵᠡᠭ ᠦ᠋ᠨ ᠱᠠᠯᠠ᠂ ᠪᠣᠲᠣᠭᠣ ᠶ᠋ᠢᠨ ᠰᠢᠯᠢ᠂ ᠡᠷᠳᠡᠨᠢᠲᠦ ᠰᠠᠢᠬᠠᠨ ᠨᠤᠲᠤᠭ
ᠡᠵᠢ ᠶ᠋ᠢᠨ ᠪᠦᠤᠪᠡᠢ ᠤᠶᠠᠩᠭᠠᠷᠠᠭᠰᠠᠨ ᠡᠯᠢᠭᠡᠨ ᠬᠠᠢᠷᠠᠲᠠᠢ ᠥᠯᠥᠭᠡᠢ
ᠡᠨᠡ ᠪᠣᠯ ᠮᠢᠨᠦ ᠤᠤᠭᠤᠭᠰᠠᠨ ᠤᠰᠤ᠂ ᠤᠨᠠᠭᠰᠠᠨ ᠰᠢᠷᠣᠢ
ᠡᠵᠢ ᠶ᠋ᠢᠨ ᠮᠢᠨᠢ ᠨᠤᠲᠤᠭ ᠪᠠᠶᠠᠨ ᠡᠩᠭᠡᠷ
ᠤᠷᠲᠤᠭᠠ ᠶ᠋ᠢᠨ ᠰᠢᠯᠢ᠂ ᠦᠨᠡᠭᠡᠲᠦ ᠶ᠋ᠢᠨ ᠪᠠᠯᠠᠷ᠂ ᠥᠩ ᠰᠢᠮᠡᠯᠢᠭ ᠭᠠᠵᠠᠷ
ᠦᠶ᠎ᠡ ᠤᠯᠠᠷᠢᠨ ᠨᠡᠭᠦᠳᠡᠯᠯᠡᠨ ᠮᠠᠯᠵᠢᠭᠰᠠᠨ ᠥᠯᠵᠡᠢᠲᠡᠢ ᠰᠠᠢᠬᠠᠨ ᠨᠤᠲᠤᠭ
ᠲᠠᠩᠭᠤᠢ ᠶ᠋ᠢᠨ ᠬᠤᠳᠳᠤᠭ᠂ ᠳᠠᠷᠠᠰᠤᠲᠤ ᠳᠥᠭᠥᠮ ᠭᠠᠢᠬᠠᠯᠲᠠᠢ ᠰᠠᠢᠬᠠᠨ ᠭᠠᠵᠠᠷ
ᠲᠠᠨ ᠤ᠋ ᠮᠠᠨ ᠤ᠋ ᠦᠭᠡᠢ ᠡᠪᠦᠯᠵᠢᠵᠦ ᠵᠤᠰᠠᠭᠰᠠᠨ ᠲᠠᠩᠰᠤᠭ ᠪᠠᠶᠠᠨ ᠥᠯᠥᠭᠡᠢ
ᠡᠨᠡ ᠪᠣᠯ ᠮᠢᠨᠦ ᠤᠤᠭᠤᠭᠰᠠᠨ ᠤᠰᠤ᠂ ᠤᠨᠠᠭᠰᠠᠨ ᠰᠢᠷᠣᠢ
ᠡᠵᠢ ᠶ᠋ᠢᠨ ᠮᠢᠨᠢ ᠨᠤᠲᠤᠭ ᠪᠠᠶᠠᠨ ᠡᠩᠭᠡᠷ
ᠳᠣᠪᠣᠴᠠᠭ ᠤ᠋ᠨ ᠤᠰᠤ᠂ ᠰᠢᠪᠠᠭ ᠣᠪᠣᠭ᠎ᠠ᠂ ᠬᠠᠢᠷᠠᠯᠠᠯᠲᠠᠢ ᠰᠠᠢᠬᠠᠨ ᠨᠤᠲᠤᠭ
ᠲᠤᠭᠤᠯ ᠬᠠᠷᠢᠭᠤᠯᠤᠨ ᠲᠣᠭᠯᠠᠵᠤ ᠥᠰᠦᠭᠰᠡᠨ ᠲᠣᠷᠭᠠᠨ ᠲᠥᠷᠥᠯᠬᠢ ᠥᠯᠥᠭᠡᠢ
ᠭᠤᠷᠪᠠᠨ ᠲᠣᠯᠣᠭᠠᠢ᠂ ᠤᠯᠠᠭᠠᠨ ᠳᠥᠭᠥᠮ᠂ ᠭᠤᠸ᠎ᠠ ᠦᠵᠡᠰᠬᠦᠯᠡᠩ ᠨᠤᠲᠤᠭ
ᠭᠤᠲᠤᠯ ᠢ᠋ᠶ᠋ᠠᠨ ᠲᠠᠢᠯᠤᠨ ᠤᠷᠤᠯᠳᠤᠵᠤ ᠪᠠᠢᠭᠰᠠᠨ ᠬᠡᠦᠬᠡᠳ ᠨᠠᠰᠤᠨ ᠤ᠋ ᠮᠢᠨᠢ ᠬᠥᠳᠡᠭᠡ
ᠡᠨᠡ ᠪᠣᠯ ᠮᠢᠨᠦ ᠤᠤᠭᠤᠭᠰᠠᠨ ᠤᠰᠤ᠂ ᠤᠨᠠᠭᠰᠠᠨ ᠰᠢᠷᠣᠢ
ᠡᠵᠢ ᠶ᠋ᠢᠨ ᠮᠢᠨᠢ ᠨᠤᠲᠤᠭ ᠪᠠᠶᠠᠨ ᠡᠩᠭᠡᠷ
ᠡᠨᠡ ᠪᠣᠯ ᠮᠢᠨᠦ ᠤᠤᠭᠤᠭᠰᠠᠨ ᠤᠰᠤ᠂ ᠤᠨᠠᠭᠰᠠᠨ ᠰᠢᠷᠣᠢ
ᠡᠵᠢ ᠶ᠋ᠢᠨ ᠮᠢᠨᠢ ᠨᠤᠲᠤᠭ ᠪᠠᠶᠠᠨ ᠡᠩᠭᠡᠷ
ᠡᠵᠢ ᠶ᠋ᠢᠨ ᠮᠢᠨᠢ ᠨᠤᠲᠤᠭ ᠪᠠᠶᠠᠨ ᠡᠩᠭᠡᠷ
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠭᠦᠩᠭᠠᠷ
