ᠮᠢᠨᠦ ᠰᠠᠢᠬᠠᠨ ᠠᠨᠳᠠ ᠨᠤᠭᠤᠳ -ᠠᠯᠲᠠᠨᠲᠤᠯᠭᠠ᠂ ᠥᠯᠵᠡᠢᠮᠡᠨᠳᠦMinii saikhan aandaanuud-Altandlaga,ÖlziimendМиний сайхан аандаанууд-Алтандлага,Өлзиймэнд
ᠮᠢᠨᠦ ᠰᠠᠢᠬᠠᠨ ᠠᠨᠳᠠ ᠨᠤᠭᠤᠳ
ᠦᠭᠡ᠄ ᠢ ᠂ ᠪᠢᠯᠢᠭᠲᠦ
ᠠᠶ᠎ᠠ᠄ ᠰᠡᠷᠭᠦᠯᠡᠩᠴᠣᠭᠲᠤ
ᠳᠠᠭᠤᠴᠢᠨ᠄ ᠠᠯᠲᠠᠨᠲᠤᠯᠭᠠ᠂ ᠥᠯᠵᠡᠢᠮᠡᠨᠳᠦ
ᠢᠷᠦᠭᠡᠯ ᠦ᠋ᠨ ᠰᠠᠢᠨ ᠢ᠋ᠶ᠋ᠠᠷ ᠤᠴᠠᠷᠠᠭᠰᠠᠨ
ᠢᠲᠡᠭᠡᠯ ᠦ᠋ᠨ ᠲᠦᠰᠢᠭ ᠲᠡᠢ ᠨᠠᠢᠵᠠ ᠨᠤᠭᠤᠳ ᠮᠢᠨᠢ
ᠮᠥᠩᠬᠡᠳᠡ ᠳᠡᠯᠪᠡᠭᠡᠯᠡᠬᠦ ᠠᠨᠳᠠ ᠶ᠋ᠢᠨ ᠰᠡᠳᠬᠢᠯ ᠢ᠋
ᠮᠥᠩᠬᠡ ᠶ᠋ᠢᠨ ᠬᠤᠷ᠎ᠠ ᠪᠠᠷ ᠠᠮᠢᠯᠠᠭᠤᠯᠤᠨ ᠰᠡᠷᠭᠦᠭᠡᠶ᠎ᠡ
ᠬᠣᠷᠸ᠎ᠠ ᠶ᠋ᠢᠨ ᠵᠢᠮ᠎ᠡ ᠪᠡᠷ ᠤᠴᠠᠷᠠᠭᠰᠠᠨ
ᠬᠣᠯᠠᠳᠠᠬᠤ ᠶ᠋ᠢᠨ ᠠᠷᠭ᠎ᠠ ᠦᠭᠡᠢ ᠨᠠᠢᠵᠠ ᠨᠤᠭᠤᠳ ᠮᠢᠨᠢ
ᠬᠤᠷᠠᠵᠤ ᠮᠡᠯᠲᠡᠭᠡᠨᠡᠬᠦ ᠠᠨᠳᠠ ᠶ᠋ᠢᠨ ᠰᠡᠳᠬᠢᠯ ᠢ᠋
ᠬᠦᠰᠡᠯ ᠦ᠋ᠨ ᠬᠤᠷ᠎ᠠ ᠪᠠᠷ ᠠᠮᠢᠯᠠᠭᠤᠯᠤᠨ ᠰᠡᠷᠵᠢᠮᠯᠡᠶᠡ
ᠤᠴᠠᠷᠠᠯ ᠤ᠋ᠨ ᠰᠠᠢᠬᠠᠨ ᠠᠨᠳᠠ ᠨᠤᠭᠤᠳ ᠮᠢᠨᠢ
ᠦᠷᠭᠦᠯᠵᠢ ᠥᠭᠡᠳᠡ ᠪᠡᠨ ᠪᠠᠢᠭᠠᠷᠠᠢ
ᠦᠶ᠎ᠡ ᠶ᠋ᠢᠨ ᠣᠯᠠᠨ ᠠᠨᠳᠠ ᠨᠤᠭᠤᠳ ᠮᠢᠨᠢ
ᠦᠢᠯᠡᠰ ᠦ᠋ᠨ ᠰᠠᠢᠬᠠᠨ ᠢ᠋ᠶ᠋ᠠᠷ ᠪᠠᠳᠠᠷᠠᠭᠠᠷᠠᠢ
ᠡᠪ ᠦ᠋ᠨ ᠳᠡᠯᠡᠬᠡᠢ ᠳ᠋ᠦ᠍ ᠬᠠᠮᠲᠤ ᠪᠠᠷ ᠤᠴᠠᠷᠠᠭᠰᠠᠨ
ᠡᠯᠢᠭᠡᠰᠡᠭ ᠳᠣᠲᠣᠨᠣᠬᠠᠨ ᠨᠠᠢᠵᠠ ᠨᠤᠭᠤᠳ ᠮᠢᠨᠢ
ᠡᠷᠭᠢᠬᠦ ᠠᠮᠢᠳᠤᠷᠠᠯ ᠤ᠋ᠨ ᠠᠯᠲᠠᠨ ᠬᠦᠷᠳᠦ ᠪᠡᠨ
ᠡᠩᠬᠡ ᠮᠡᠨᠳᠦ ᠶ᠋ᠢᠨ ᠵᠥᠩᠨᠡᠯ ᠢ᠋ᠶ᠋ᠡᠷ ᠮᠢᠯᠢᠶᠠᠶ᠎ᠠ
ᠤᠴᠠᠷᠠᠯ ᠤ᠋ᠨ ᠰᠠᠢᠬᠠᠨ ᠠᠨᠳᠠ ᠨᠤᠭᠤᠳ ᠮᠢᠨᠢ
ᠦᠷᠭᠦᠯᠵᠢ ᠥᠭᠡᠳᠡ ᠪᠡᠨ ᠪᠠᠢᠭᠠᠷᠠᠢ
ᠦᠶ᠎ᠡ ᠶ᠋ᠢᠨ ᠣᠯᠠᠨ ᠠᠨᠳᠠ ᠨᠤᠭᠤᠳ ᠮᠢᠨᠢ
ᠦᠢᠯᠡᠰ ᠦ᠋ᠨ ᠰᠠᠢᠬᠠᠨ ᠢ᠋ᠶ᠋ᠠᠷ ᠪᠠᠳᠠᠷᠠᠭᠠᠷᠠᠢ
ᠤᠴᠠᠷᠠᠯ ᠤ᠋ᠨ ᠰᠠᠢᠬᠠᠨ ᠠᠨᠳᠠ ᠨᠤᠭᠤᠳ ᠮᠢᠨᠢ
ᠦᠷᠭᠦᠯᠵᠢ ᠥᠭᠡᠳᠡ ᠪᠡᠨ ᠪᠠᠢᠭᠠᠷᠠᠢ
ᠦᠶ᠎ᠡ ᠶ᠋ᠢᠨ ᠣᠯᠠᠨ ᠠᠨᠳᠠ ᠨᠤᠭᠤᠳ ᠮᠢᠨᠢ
ᠦᠢᠯᠡᠰ ᠦ᠋ᠨ ᠰᠠᠢᠬᠠᠨ ᠢ᠋ᠶ᠋ᠠᠷ ᠪᠠᠳᠠᠷᠠᠭᠠᠷᠠᠢ
ᠦᠷᠭᠦᠯᠵᠢ ᠥᠭᠡᠳᠡ ᠪᠡᠨ ᠪᠠᠢᠭᠠᠷᠠᠢ
ᠦᠰᠦᠭ ᠠᠮᠢᠯᠠᠭᠤᠯᠵᠤ ᠬᠠᠲᠠᠭᠰᠠᠨ ᠨᠢ᠄ ᠭᠠᠸᠠ
ᠬᠢᠨᠠᠭᠴᠢ᠄ᠮᠥᠴᠢᠷ
