ᠮᠣᠩᠭᠣᠯ ᠮᠢᠨᠦ ᠡᠬᠡ ᠣᠷᠣᠨ- ᠴᠢᠯᠠᠭᠤᠨᠬᠦᠦМонгол миний эх орон-чулуунхүү
ᠮᠣᠩᠭᠣᠯ ᠮᠢᠨᠦ ᠡᠬᠡ ᠣᠷᠣᠨ
ᠦᠭᠡ ᠄ ᠭᠠᠩᠲᠡᠮᠦᠷ
ᠠᠶ᠎ᠠ ᠄ ᠲᠡᠮᠦᠷᠪᠠᠭᠠᠲᠤᠷ
ᠳᠠᠭᠤᠴᠢᠨ ᠄ ᠴᠢᠯᠠᠭᠤᠨᠬᠦᠦ
ᠲᠠᠢᠭ᠎ᠠ ᠶᠢᠨ
ᠨᠢᠷᠤᠭᠤᠨ ᠳ᠋ᠠᠭᠠᠨ ᠠᠩ ᠠᠮᠢᠲᠠᠨ ᠰᠢᠪᠡᠭᠡᠯᠡᠭᠰᠡᠨ
ᠲᠠᠯ᠎ᠠ ᠶᠢᠨ ᠲᠡᠨᠢᠭᠦᠨ
ᠳ᠋ᠡᠭᠡᠨ ᠮᠠᠯ ᠰᠦᠷᠦᠭ ᠰᠢᠭᠢᠳᠬᠡᠭᠰᠡᠨ
ᠲᠠᠯᠪᠢᠭᠤᠨ ᠨᠤᠲᠤᠭ
ᠮᠢᠨᠢ ᠰᠠᠩ ᠡᠷᠳᠡᠨᠢ ᠰᠢᠷᠢᠳᠡᠭᠯᠡᠭᠰᠡᠨ
ᠲᠠᠩᠰᠤᠭ ᠵᠢᠷᠭᠠᠯ ᠢ
ᠬᠦᠮᠦᠨ ᠠᠷᠠᠳ ᠲᠠᠭᠠᠨ ᠰᠢᠩᠭᠡᠭᠡᠭᠰᠡᠨ
ᠭᠢᠰᠬᠢᠵᠦ ᠶᠠᠪᠤᠭ᠎ᠠ
ᠴᠡᠴᠡᠭᠲᠦ ᠨᠣᠭᠣᠭᠠᠨ ᠭᠠᠵᠠᠷ ᠮᠢᠨᠢ
ᠭᠡᠷᠡᠯᠲᠦ ᠨᠠᠷᠠᠨ ᠤ
ᠴᠡᠯᠮᠡᠭ ᠨᠣᠮᠢᠨ ᠲᠩᠷᠢ ᠮᠢᠨᠢ
ᠡᠬᠡ ᠣᠷᠣᠨ ᠲᠥᠷᠥᠯᠬᠢ
ᠮᠢᠨᠦ ᠥᠯᠥᠭᠡᠢ
ᠡᠯᠢᠭᠡᠨ ᠰᠠᠳᠤᠨ
ᠲᠦᠮᠡᠨ ᠦ ᠠᠯᠲᠠᠨ ᠳᠡᠯᠡᠬᠡᠢ
ᠠᠶᠠᠰ ᠤᠨ ᠰᠠᠯᠬᠢᠨ᠎ᠠ ᠰᠣᠷ
ᠬᠠᠶᠠᠯᠠᠨ ᠰᠤᠭᠰᠤᠷᠤᠭᠰᠠᠨ
ᠠᠲᠠᠷ ᠤᠨ ᠱᠠᠭᠱᠤᠤᠷᠭ᠎ᠠ
ᠦᠷ᠎ᠡ ᠲᠠᠷᠢᠶ᠎ᠠ ᠰᠢᠭᠤᠷᠠᠢᠯᠠᠭᠰᠠᠨ
ᠠᠮᠵᠢᠯᠲᠠ ᠴᠣᠭᠴᠠᠯᠠᠨ
ᠨᠡᠷ᠎ᠡ ᠠᠯᠳᠠᠷ ᠴᠤᠤᠷᠢᠶᠠᠲᠤᠭᠰᠠᠨ
ᠠᠵᠢᠯ ᠢ ᠴᠠᠭᠴᠢᠯᠠᠨ
ᠨᠥᠷᠢ ᠦᠢᠯᠡᠰ ᠢᠶᠡᠨ ᠰᠢᠭᠤᠷᠬᠠᠢᠯᠠᠭᠰᠠᠨ
ᠭᠢᠰᠬᠢᠵᠦ ᠶᠠᠪᠤᠭ᠎ᠠ
ᠰᠠᠩᠬᠢ ᠶᠤ᠌ ᠠᠩᠬᠢᠯᠤᠮ᠎ᠠ ᠭᠠᠵᠠᠷ ᠮᠢᠨᠢ
ᠭᠡᠷᠡᠯᠲᠦ ᠨᠠᠷᠠᠨ ᠤ
ᠣᠬᠢ ᠶᠤ᠌ ᠨᠣᠮᠢᠨ ᠲᠩᠷᠢ ᠮᠢᠨᠢ
ᠡᠬᠡ ᠣᠷᠣᠨ ᠲᠥᠷᠥᠯᠬᠢ
ᠮᠢᠨᠦ ᠥᠯᠥᠭᠡᠢ
ᠡᠯᠢᠭᠡᠨ ᠰᠠᠳᠤᠨ
ᠲᠦᠮᠡᠨ ᠦ ᠠᠯᠲᠠᠨ ᠳᠡᠯᠡᠬᠡᠢ
ᠳᠡᠯᠡᠬᠡᠢ ᠳᠦ
ᠨᠢᠭᠲᠠᠷᠠᠭᠰᠠᠨ ᠡᠪ ᠵᠦᠢ ᠮᠢᠨᠢ ᠪᠠᠲᠤᠵᠢᠩᠭᠤᠢ
ᠳᠡᠪᠰᠢᠯᠡᠵᠦ
ᠰᠢᠯᠭᠠᠷᠠᠭᠰᠠᠨ ᠵᠦᠭ ᠴᠢᠭ ᠮᠢᠨᠢ ᠪᠠᠳᠠᠷᠠᠩᠭᠤᠢ
ᠳᠡᠭᠡᠭᠰᠢᠯᠡᠨ
ᠮᠠᠨᠳᠤᠭᠰᠠᠨ ᠶᠡᠬᠡ ᠬᠥᠭᠵᠢᠯ ᠦᠵᠦᠭᠦᠷ ᠦᠭᠡᠢ
ᠳᠡᠯᠭᠡᠷᠡᠵᠦ
ᠴᠡᠴᠡᠭᠯᠡᠭᠰᠡᠨ ᠮᠠᠰᠢ ᠰᠠᠢᠬᠠᠨ ᠢᠷᠡᠭᠡᠳᠦᠢ
ᠭᠢᠰᠬᠢᠵᠦ ᠶᠠᠪᠤᠭ᠎ᠠ
ᠴᠡᠴᠡᠭᠲᠦ ᠨᠣᠭᠣᠭᠠᠨ ᠭᠠᠵᠠᠷ ᠮᠢᠨᠢ
ᠭᠡᠷᠡᠯᠲᠦ ᠨᠠᠷᠠᠨ ᠤ
ᠴᠡᠯᠮᠡᠭ ᠨᠣᠮᠢᠨ ᠲᠩᠷᠢ ᠮᠢᠨᠢ
ᠡᠬᠡ ᠣᠷᠣᠨ ᠲᠥᠷᠥᠯᠬᠢ
ᠮᠢᠨᠦ ᠥᠯᠥᠭᠡᠢ
ᠡᠯᠢᠭᠡᠨ ᠰᠠᠳᠤᠨ
ᠲᠦᠮᠡᠨ ᠦ ᠠᠯᠲᠠᠨ ᠳᠡᠯᠡᠬᠡᠢ
ᠭᠢᠰᠬᠢᠵᠦ ᠶᠠᠪᠤᠭ᠎ᠠ
ᠰᠠᠩᠬᠢ ᠶᠤ᠌ ᠠᠩᠬᠢᠯᠤᠮ᠎ᠠ ᠭᠠᠵᠠᠷ ᠮᠢᠨᠢ
ᠭᠡᠷᠡᠯᠲᠦ ᠨᠠᠷᠠᠨ ᠤ
ᠣᠬᠢ ᠶᠤ᠌ ᠨᠣᠮᠢᠨ ᠲᠩᠷᠢ ᠮᠢᠨᠢ
ᠡᠬᠡ ᠣᠷᠣᠨ ᠲᠥᠷᠥᠯᠬᠢ
ᠮᠢᠨᠦ ᠥᠯᠥᠭᠡᠢ
ᠡᠯᠢᠭᠡᠨ ᠰᠠᠳᠤᠨ
ᠲᠦᠮᠡᠨ ᠦ ᠠᠯᠲᠠᠨ ᠳᠡᠯᠡᠬᠡᠢ
ᠡᠬᠡ ᠣᠷᠣᠨ ᠲᠥᠷᠥᠯᠬᠢ
ᠮᠢᠨᠦ ᠥᠯᠥᠭᠡᠢ
ᠡᠯᠢᠭᠡᠨ ᠰᠠᠳᠤᠨ
ᠲᠦᠮᠡᠨ ᠦ ᠠᠯᠲᠠᠨ ᠳᠡᠯᠡᠬᠡᠢ
