ᠪᠦᠬᠦ ᠬᠠᠢᠷ᠎ᠠ ᠶ᠋ᠢᠨ ᠳᠠᠭᠤᠤ -ᠮ ∙ ᠪᠢᠮᠪᠠᠵᠠᠪ ᠭ· ᠡᠩᠬᠡᠴᠡᠴᠡᠭBukh khairiin duu-М.Byambajav G·EnkhtsetsegБүх хайрын дуу-М.БямбажавГ·Энхцэцэг
ᠪᠦᠬᠦ ᠬᠠᠢᠷ᠎ᠠ ᠶ᠋ᠢᠨ ᠳᠠᠭᠤᠤ
ᠦᠭᠡ᠄ ᠪ• ᠡᠷᠳᠡᠨᠢᠪᠠᠶᠠᠷ
ᠠᠶ᠎ᠠ᠄ ᠡ᠊ • ᠡᠷᠡᠪᠣᠯᠣᠳ
ᠳᠠᠭᠤᠴᠢᠨ᠄ ᠮ • ᠪᠢᠮᠪᠠᠵᠠᠪ᠂ ᠭ •ᠡᠩᠬᠡᠴᠡᠴᠡᠭ
ᠨᠠᠷᠠ ᠳᠡᠯᠡᠬᠡᠢ ᠶ᠋ᠢ ᠭᠡᠢᠭᠦᠯᠬᠦ ᠨᠢ ᠡᠨᠡ ᠶᠢᠷᠲᠢᠨᠴᠦ ᠶ᠋ᠢᠨ ᠬᠠᠢᠷ᠎ᠠ
ᠨᠠᠳᠠ ᠳ᠋ᠤ᠌ ᠰᠤᠷᠭᠠᠯ ᠬᠡᠯᠡᠵᠦ ᠥᠰᠬᠡᠭᠰᠡᠨ ᠲᠩᠷᠢ ᠠᠪᠤ ᠶ᠋ᠢᠨ ᠬᠠᠢᠷ᠎ᠠ
ᠨᠠᠮ᠎ᠠ ᠵᠢ ᠠᠮᠢᠳᠤᠷᠠᠯ ᠳ᠋ᠤ᠌ ᠠᠪᠴᠤ ᠢᠷᠡᠭᠰᠡᠨ ᠨᠢ ᠮᠢᠨᠦ ᠡᠵᠢ ᠶ᠋ᠢᠨ ᠬᠠᠢᠷ᠎ᠠ
ᠨᠠᠳᠠ ᠠ᠋ᠴᠠ ᠬᠡᠵᠢᠶ᠎ᠡ ᠴᠦ᠍ ᠬᠣᠯᠠᠳᠠᠬᠤ ᠦᠭᠡᠢ ᠴᠢᠨᠦ ᠮᠢᠨᠦ ᠬᠠᠢᠷ᠎ᠠ᠂
ᠬᠥᠮᠦᠨ ᠪᠦᠬᠦᠨ ᠪᠦᠬᠦ ᠬᠠᠢᠷ᠎ᠠ ᠶ᠋ᠢᠨ ᠳᠠᠭᠤᠨ ᠳ᠋ᠤ᠌ ᠤᠶᠠᠷᠠᠨ᠎ᠠ
ᠬᠥᠮᠦᠨ ᠪᠦᠬᠦᠨ ᠬᠠᠢᠷ᠎ᠠ ᠶ᠋ᠢᠨ ᠳᠠᠭᠤᠴᠢᠨ ᠰᠢᠪᠠᠭᠤᠳ
ᠪᠦᠲᠦᠯ ᠲᠡᠢ ᠪᠦᠲᠦᠯ ᠦᠭᠡᠢ ᠡᠭᠡᠯᠵᠢᠯᠡᠬᠦ ᠡᠨᠡ ᠠᠮᠢᠳᠤᠷᠠᠯ ᠳ᠋ᠤ᠌ ᠪᠢᠳᠡ ᠪᠦᠭᠦᠳᠡᠭᠡᠷ
ᠪᠦᠬᠦ ᠬᠠᠢᠷ᠎ᠠ ᠶ᠋ᠢᠨ ᠳᠠᠭᠤᠤ ᠶ᠋ᠢ ᠳᠠᠭᠤᠯᠠᠭᠰᠠᠭᠠᠷ ᠳᠠᠭᠤᠯᠠᠭᠰᠠᠭᠠᠷ ᠵᠢᠷᠭᠠᠨ᠎ᠠ ᠠ᠋᠁
ᠵᠣᠪᠠᠯᠠᠩ ᠵᠢᠷᠭᠠᠯ ᠳ᠋ᠤ᠌ ᠦᠷᠭᠦᠯᠵᠢ ᠬᠠᠮᠲᠤ ᠲᠡᠷᠡ ᠬᠠᠨᠢ ᠶ᠋ᠢᠨ ᠮᠢᠨᠢ ᠬᠠᠢᠷ᠎ᠠ
ᠵᠣᠷᠢᠭ ᠢ᠋ᠶ᠋ᠠᠷ ᠣᠯᠳᠠᠬᠤ ᠠᠮᠢᠳᠤᠷᠠᠯ ᠳ᠋ᠤ᠌ ᠪᠠᠶᠠᠨ ᠢ᠋ᠶ᠋ᠠᠨ ᠲᠦᠰᠢᠬᠦ ᠨᠢ ᠠᠨᠳᠠ ᠶ᠋ᠢᠨ ᠬᠠᠢᠷ᠎ᠠ
ᠵᠣᠷᠢᠭ ᠮᠣᠬᠣᠵᠤ ᠤᠬᠠᠭᠠᠨ ᠳᠤᠲᠠᠬᠤ ᠳ᠋ᠤ᠌ ᠬᠤᠷᠴᠠᠯᠠᠬᠤ ᠠᠬ᠎ᠠ ᠶ᠋ᠢᠨ ᠬᠠᠢᠷ᠎ᠠ
ᠵᠣᠷᠢᠭᠰᠠᠨ ᠳ᠋ᠠᠭᠠᠨ ᠬᠦᠷᠴᠦ ᠴᠢᠳᠠᠬᠤ ᠦᠭᠡᠢ ᠤᠬᠢᠯᠠᠬᠤ ᠳ᠋ᠤ᠌ ᠠᠷᠭᠠᠳᠠᠬᠤ ᠡᠭᠡᠴᠢ ᠶ᠋ᠢᠨ ᠬᠠᠢᠷ᠎ᠠ᠂
ᠬᠥᠮᠦᠨ ᠪᠦᠬᠦᠨ ᠪᠦᠬᠦ ᠬᠠᠢᠷ᠎ᠠ ᠶ᠋ᠢᠨ ᠳᠠᠭᠤᠨ ᠳ᠋ᠤ᠌ ᠤᠶᠠᠷᠠᠨ᠎ᠠ
ᠬᠥᠮᠦᠨ ᠪᠦᠬᠦᠨ ᠬᠠᠢᠷ᠎ᠠ ᠶ᠋ᠢᠨ ᠳᠠᠭᠤᠴᠢᠨ ᠰᠢᠪᠠᠭᠤᠳ
ᠪᠦᠲᠦᠯ ᠲᠡᠢ ᠪᠦᠲᠦᠯ ᠦᠭᠡᠢ ᠡᠭᠡᠯᠵᠢᠯᠡᠬᠦ ᠡᠨᠡ ᠠᠮᠢᠳᠤᠷᠠᠯ ᠳ᠋ᠤ᠌ ᠪᠢᠳᠡ ᠪᠦᠭᠦᠳᠡᠭᠡᠷ
ᠪᠦᠬᠦ ᠬᠠᠢᠷ᠎ᠠ ᠶ᠋ᠢᠨ ᠳᠠᠭᠤᠤ ᠶ᠋ᠢ ᠳᠠᠭᠤᠯᠠᠭᠰᠠᠭᠠᠷ ᠳᠠᠭᠤᠯᠠᠭᠰᠠᠭᠠᠷ ᠵᠢᠷᠭᠠᠨ᠎ᠠ ᠠ᠋᠁
ᠪᠦᠯᠢᠶᠡᠨ ᠵᠢᠷᠦᠬᠡ ᠪᠡᠷ ᠢ᠋ᠶ᠋ᠡᠨ ᠳᠠᠭᠤᠯᠠᠵᠤ ᠪᠠᠢᠨ᠎ᠠ ᠡᠨᠡ ᠪᠢᠳᠡᠨ ᠦ᠌ ᠬᠠᠢᠷ᠎ᠠ
ᠪᠦᠦᠳᠡᠭᠡᠷ ᠰᠥᠨᠢ ᠶ᠋ᠢ ᠰᠡᠷᠡᠭᠡᠬᠦ ᠥᠷᠯᠥᠭᠡ ᠡᠬᠡ ᠣᠷᠣᠨ ᠤ᠋ ᠬᠠᠢᠷ᠎ᠠ
ᠪᠠᠢᠭ᠎ᠠ ᠪᠦᠬᠦᠨ ᠢ᠋ᠶ᠋ᠡᠨ ᠦᠷ᠎ᠡ ᠳ᠋ᠡᠭᠡᠨ ᠵᠣᠷᠢᠭᠤᠯᠳᠠᠭ ᠠᠪᠤ ᠡᠵᠢ ᠶ᠋ᠢᠨ ᠬᠠᠢᠷ᠎ᠠ
ᠪᠦᠭᠦᠳᠡᠭᠡᠷ ᠬᠠᠮᠲᠤ ᠳ᠋ᠠᠭᠠᠨ ᠳᠠᠭᠤᠯᠠᠨ ᠵᠢᠷᠭᠠᠬᠤ ᠬᠥᠮᠦᠨ ᠪᠢᠳᠡᠨ ᠦ᠌ ᠬᠠᠢᠷ᠎ᠠ᠂
ᠬᠥᠮᠦᠨ ᠪᠦᠬᠦᠨ ᠪᠦᠬᠦ ᠬᠠᠢᠷ᠎ᠠ ᠶ᠋ᠢᠨ ᠳᠠᠭᠤᠨ ᠳ᠋ᠤ᠌ ᠤᠶᠠᠷᠠᠨ᠎ᠠ
ᠬᠥᠮᠦᠨ ᠪᠦᠬᠦᠨ ᠬᠠᠢᠷ᠎ᠠ ᠶ᠋ᠢᠨ ᠳᠠᠭᠤᠴᠢᠨ ᠰᠢᠪᠠᠭᠤᠳ
ᠪᠦᠲᠦᠯ ᠲᠡᠢ ᠪᠦᠲᠦᠯ ᠦᠭᠡᠢ ᠡᠭᠡᠯᠵᠢᠯᠡᠬᠦ ᠡᠨᠡ ᠠᠮᠢᠳᠤᠷᠠᠯ ᠳ᠋ᠤ᠌ ᠪᠢᠳᠡ ᠪᠦᠭᠦᠳᠡᠭᠡᠷ
ᠪᠦᠬᠦ ᠬᠠᠢᠷ᠎ᠠ ᠶ᠋ᠢᠨ ᠳᠠᠭᠤᠤ ᠶ᠋ᠢ ᠳᠠᠭᠤᠯᠠᠭᠰᠠᠭᠠᠷ ᠳᠠᠭᠤᠯᠠᠭᠰᠠᠭᠠᠷ ᠵᠢᠷᠭᠠᠨ᠎ᠠ ᠠ᠋᠁
ᠪᠦᠬᠦ ᠬᠠᠢᠷ᠎ᠠ ᠶ᠋ᠢᠨ ᠳᠠᠭᠤᠤ ᠶ᠋ᠢ ᠳᠠᠭᠤᠯᠠᠭᠰᠠᠭᠠᠷ ᠳᠠᠭᠤᠯᠠᠭᠰᠠᠭᠠᠷ ᠵᠢᠷᠭᠠᠨ᠎ᠠ ᠠ᠋᠁
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ ᠄ ᠮᠡᠷᠭᠡᠨᠪᠢᠯᠢᠭ᠂ ᠵᠢᠷᠠᠨᠲᠠᠢ
