ᠬᠦᠷᠦ ᠳᠠᠭᠤᠤ ᠮᠢᠨᠢ - ᠣᠷᠭᠢᠯ᠂ ᠲᠤᠶᠠᠭ᠎ᠠ᠂ ᠣᠳᠬᠠᠨᠭᠡᠷᠡᠯGör duu mini-Orgil,Tuyaa,Utgaangerel Гөр дуу минь-Оргил,Туяа,Утгаангэрэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠷᠦ ᠳᠠᠭᠤᠤ ᠮᠢᠨᠢ - ᠣᠷᠭᠢᠯ᠂ ᠲᠤᠶᠠᠭ᠎ᠠ᠂ ᠣᠳᠬᠠᠨᠭᠡᠷᠡᠯGör duu mini-Orgil,Tuyaa,Utgaangerel Гөр дуу минь-Оргил,Туяа,Утгаангэрэл

ᠬᠦᠷᠦ ᠳᠠᠭᠤᠤ ᠮᠢᠨᠢ - ᠣᠷᠭᠢᠯ᠂ ᠲᠤᠶᠠᠭ᠎ᠠ᠂ ᠣᠳᠬᠠᠨᠭᠡᠷᠡᠯGör duu mini-Orgil,Tuyaa,Utgaangerel Гөр дуу минь-Оргил,Туяа,Утгаангэрэл

ᠠᠩᠭᠢᠯᠠᠯ:ᠳᠠᠭᠤᠤ ᠬᠥᠭᠵᠢᠮ
2025-12-07

1421

ᠬᠦᠷᠦ ᠳᠠᠭᠤᠤ ᠮᠢᠨᠢ


    ᠦᠭᠡ᠄ ᠭᠦᠷᠦᠪᠠᠨᠽᠠᠷ 
    ᠠᠶ᠎ᠠ᠄ ᠭ᠂ ᠠᠯᠲᠠᠨ᠌ᠠ᠋ᠭᠤᠯᠠ 
    ᠳᠠᠭᠤᠴᠢᠨ᠄ ᠣᠷᠭᠢᠯ᠂ ᠲᠤᠶᠠᠭ᠎ᠠ᠂ ᠣᠳᠬᠠᠨᠭᠡᠷᠡᠯ 

ᠠᠽᠢ ᠥᠷᠥᠨ᠎ᠡ ᠶ᠋ᠢ ᠳᠣᠳᠣᠮᠳᠠᠭᠰᠠᠨ 
ᠠᠭᠤᠤ ᠳᠡᠭᠡᠳᠦᠰ ᠦ᠋ᠨ ᠮᠢᠨᠢ ᠤᠬᠠᠭ᠎ᠠ ᠰᠢᠦ 
ᠠᠰᠠᠷᠤ ᠮᠥᠩᠬᠡ ᠲᠩᠷᠢ ᠡᠴᠡ 
ᠠᠶᠠᠯᠠᠵᠤ ᠪᠠᠭᠤᠭᠰᠠᠨ ᠵᠠᠷᠯᠢᠭ ᠰᠢᠦ ᠬᠦᠷᠦ ᠳᠠᠭᠤᠤ ᠮᠢᠨᠦ 

ᠠᠶᠠᠬᠠᠨ ᠰᠠᠢ ᠸᠠᠢᠳᠤᠨ ᠰᠠᠢ 
ᠠᠰᠢᠳᠠ ᠶ᠋ᠢᠨ ᠠᠮᠤᠷ ᠵᠢᠷᠭᠠᠶ᠎ᠠ ᠳ᠋ᠣᠣ 
ᠠᠶᠠᠬᠠᠨ ᠰᠠᠢ ᠸᠠᠢᠳᠤᠨ ᠰᠠᠢ 
ᠠᠭᠤᠤ ᠳᠡᠭᠡᠳᠦᠰ ᠦ᠋ᠨ᠂ ᠤᠬᠠᠭ᠎ᠠ ᠰᠢᠦ ᠬᠦᠷᠦ ᠳᠠᠭᠤᠤ ᠮᠢᠨᠦ

ᠬᠠᠮᠤᠭ ᠮᠣᠩᠭᠣᠯ ᠢ᠋ᠶ᠋ᠠᠨ ᠳᠣᠳᠣᠮᠳᠠᠭᠰᠠᠨ
ᠬᠠᠭᠠᠳ ᠡᠵᠡᠳ ᠦ᠋ᠨ ᠮᠢᠨᠢ ᠰᠤᠷᠭᠠᠯ ᠰᠢᠦ
ᠬᠠᠢᠷ᠎ᠠ ᠮᠠᠭᠲᠠᠭᠠᠯ ᠢ᠋ᠶ᠋ᠠᠷ ᠡᠨᠡᠷᠢᠭᠰᠡᠨ
ᠬᠠᠨ ᠲᠩᠷᠢ ᠶ᠋ᠢᠨ ᠢᠪᠡᠭᠡᠯ ᠰᠢᠦ ᠬᠦᠷᠦ ᠳᠠᠭᠤᠤ ᠮᠢᠨᠦ

ᠠᠶᠠᠬᠠᠨ ᠰᠠᠢ ᠸᠠᠢᠳᠤᠨ ᠰᠠᠢ
ᠠᠰᠢᠳᠠ ᠶ᠋ᠢᠨ ᠠᠮᠤᠷ ᠵᠢᠷᠭᠠᠶ᠎ᠠ ᠳ᠋ᠣᠣ
ᠠᠶᠠᠬᠠᠨ ᠰᠠᠢ ᠸᠠᠢᠳᠤᠨ ᠰᠠᠢ
ᠬᠠᠭᠠᠳ ᠡᠵᠡᠳ ᠰᠤᠷᠭᠠᠯ ᠰᠢᠦ ᠬᠦᠷᠦ ᠳᠠᠭᠤᠤ ᠮᠢᠨᠦ

ᠲᠥᠷᠥ ᠬᠦᠷᠦ ᠪᠡᠨ ᠳᠣᠳᠣᠮᠳᠠᠭᠰᠠᠨ
ᠲᠡᠦᠬᠡ ᠶ᠋ᠢᠨ ᠪᠤᠭᠤᠷᠤᠯ ᠲᠦᠷᠢᠯᠭᠡ ᠰᠢᠦ
ᠲᠦᠮᠡᠨ ᠵᠦᠢ ᠶ᠋ᠢ ᠤᠬᠠᠭᠠᠷᠠᠭᠤᠯᠤᠭᠰᠠᠨ
ᠲᠦᠭᠡᠮᠡᠯ ᠲᠩᠷᠢ ᠶ᠋ᠢᠨ ᠬᠡᠰᠢᠭ ᠰᠢᠦ ᠬᠦᠷᠦ ᠳᠠᠭᠤᠤ ᠮᠢᠨᠦ

ᠠᠶᠠᠬᠠᠨ ᠰᠠᠢ ᠸᠠᠢᠳᠤᠨ ᠰᠠᠢ
ᠠᠰᠢᠳᠠ ᠶ᠋ᠢᠨ ᠠᠮᠤᠷ ᠵᠢᠷᠭᠠᠶ᠎ᠠ ᠳ᠋ᠣᠣ
ᠠᠶᠠᠬᠠᠨ ᠰᠠᠢ ᠸᠠᠢᠳᠤᠨ ᠰᠠᠢ
ᠲᠡᠦᠬᠡ ᠶ᠋ᠢᠨ ᠪᠤᠭᠤᠷᠤᠯ ᠲᠦᠷᠢᠯᠭᠡ ᠰᠢᠦ ᠬᠦᠷᠦ ᠳᠠᠭᠤᠤ ᠮᠢᠨᠦ
ᠬᠦᠷᠦ ᠳᠠᠭᠤᠤ ᠮᠢᠨᠦ

  ᠦᠰᠦᠭ ᠠᠮᠢᠯᠠᠭᠤᠯᠤᠭᠴᠢ᠄ ᠠᠯᠲᠠᠨᠴᠢᠮᠡᠭ
  ᠦᠰᠦᠭ ᠬᠠᠲᠠᠭᠴᠢ᠄ ᠠᠯᠲᠠᠨᠴᠢᠮᠡᠭ
  ᠬᠢᠨᠠᠭᠴᠢ᠄ ᠭᠦᠩᠭᠠᠷ