ᠴᠡᠩᠬᠡᠷ ᠨᠤᠲᠤᠭ ᠤ᠋ᠨ ᠪᠠᠷ᠎ᠠ -ᠪᠠᠶᠠᠨᠨᠠᠮᠤᠷ᠂ ᠰᠣᠳᠤᠰᠡᠴᠡᠨTsenkher nutgiin baraaЦэнхэр нутгийн бараа-Баяннамар,Содсцан
ᠴᠡᠩᠬᠡᠷ ᠨᠤᠲᠤᠭ ᠤ᠋ᠨ ᠪᠠᠷ᠎ᠠ
ᠰᠢᠯᠦᠭ᠄ ᠰᠡᠴᠡᠨᠳᠠᠯᠠᠢ
ᠠᠶ᠎ᠠ᠄ ᠰᠡᠴᠡᠨᠴᠣᠭᠲᠤ
ᠳᠠᠭᠤᠴᠢᠨ᠄ ᠪᠠᠶᠠᠨᠨᠠᠮᠤᠷ᠂ ᠰᠣᠳᠤᠰᠡᠴᠡᠨ
ᠬᠣᠩᠭᠣᠷ ᠭᠠᠯᠠᠭᠤᠳ ᠨᠢ ᠨᠤᠲᠤᠭ ᠢ᠋ᠶ᠋ᠠᠨ ᠲᠡᠮᠡᠦᠯᠳᠡᠭ ᠨᠢ ᠬᠦ
ᠬᠣᠯᠠ ᠶ᠋ᠢᠨ ᠲᠩᠷᠢ ᠬᠦᠰᠡᠯ ᠦ᠋ᠨ ᠮᠢᠨᠢ ᠦᠵᠦᠭᠦᠷ ᠤᠤ ᠳᠠ
ᠰᠠᠷᠠᠪᠴᠢᠯᠠᠨ ᠬᠦᠯᠢᠶᠡᠭᠰᠡᠨ ᠡᠵᠢ ᠶ᠋ᠢᠨ ᠮᠢᠨᠢ ᠪᠠᠷ᠎ᠠ ᠰᠢᠭ᠋
ᠰᠠᠨᠠᠭᠠᠳ ᠬᠦᠷᠳᠡᠭ ᠵᠡᠭᠦᠳᠦᠨ ᠦ᠌ ᠮᠢᠨᠢ ᠬᠥᠳᠡᠭᠡ ᠤᠤ ᠳᠠ
ᠵᠠᠭᠤᠨ ᠵᠠᠭᠤᠨ ᠳ᠋ᠠᠭᠠᠨ ᠨᠡᠭᠦᠳᠡᠯᠯᠡᠨ ᠠᠮᠢᠳᠤᠷᠠᠭᠰᠠᠨ
ᠵᠡᠭᠡᠷ᠎ᠡ ᠶ᠋ᠢᠨ ᠭᠣᠣᠯ ᠤ᠋ᠨ ᠮᠢᠨᠢ ᠨᠠᠯᠠᠭᠠᠷᠬᠠᠨ ᠵᠤᠰᠠᠭᠠᠯ ᠤᠤ ᠳᠠ
ᠳᠠᠭᠤᠨ ᠠ᠋ᠴᠠ ᠳᠠᠭᠤᠨ ᠳ᠋ᠤ᠌ ᠳᠠᠮᠵᠢᠨ ᠮᠥᠩᠬᠡᠷᠡᠭᠰᠡᠨ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠪᠣᠮᠪᠣ ᠶ᠋ᠢᠨ ᠣᠷᠣᠨ ᠰᠢᠭ᠋ ᠪᠤᠷᠬᠠᠨ ᠵᠠᠶᠠᠭᠠᠲᠠᠢ
ᠪᠣᠷ ᠪᠣᠷ ᠤ᠋ᠨ ᠪᠣᠷᠣᠭᠠᠨ ᠲᠠᠢ ᠲᠠᠯ᠎ᠠ ᠮᠢᠨᠢ ᠵᠠ
ᠰᠦᠮᠪᠦᠷ ᠬᠠᠢᠷᠬᠠᠨ ᠨᠢ ᠠᠪᠤ ᠶ᠋ᠢᠨ ᠮᠢᠨᠢ ᠲᠥᠷᠬᠦ ᠰᠢᠭ
ᠰᠡᠷ ᠰᠠᠷᠬᠢᠨ ᠰᠠᠯᠬᠢ ᠲᠠᠢ ᠬᠠᠩᠭᠠᠢ ᠮᠢᠨᠢ ᠵᠠ
ᠵᠠᠭᠤᠨ ᠵᠠᠭᠤᠨ ᠳ᠋ᠠᠭᠠᠨ ᠨᠡᠭᠦᠳᠡᠯᠯᠡᠨ ᠠᠮᠢᠳᠤᠷᠠᠭᠰᠠᠨ
ᠵᠡᠭᠡᠷ᠎ᠡ ᠶ᠋ᠢᠨ ᠭᠣᠣᠯ ᠤ᠋ᠨ ᠮᠢᠨᠢ ᠨᠠᠯᠠᠭᠠᠷᠬᠠᠨ ᠵᠤᠰᠠᠭᠠᠯ ᠤᠤ ᠳᠠ
ᠳᠠᠭᠤᠨ ᠠ᠋ᠴᠠ ᠳᠠᠭᠤᠨ ᠳ᠋ᠤ᠌ ᠳᠠᠮᠵᠢᠨ ᠮᠥᠩᠬᠡᠷᠡᠭᠰᠡᠨ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠴᠡᠭᠡᠯ ᠦ᠋ᠨ ᠥᠨᠳᠥᠷ ᠡᠴᠡ ᠮᠢᠷᠠᠯᠵᠠᠩᠬᠠᠨ ᠤᠷᠤᠰᠳᠠᠭ ᠨᠢ ᠬᠦ
ᠴᠡᠭᠡᠨ ᠲᠠᠯ᠎ᠠ ᠶ᠋ᠢᠨ ᠮᠢᠨᠢ ᠬᠠᠯᠭᠢᠭᠤᠬᠠᠨ ᠭᠣᠣᠯ ᠤᠤ ᠳᠠ
ᠳᠥᠯᠭᠡᠬᠡᠨ ᠲᠣᠷᠮᠣᠢᠬᠤ ᠠᠮᠠᠷᠠᠭ ᠤ᠋ᠨ ᠮᠢᠨᠢ ᠬᠠᠷᠠᠴᠠ ᠰᠢᠭ᠋
ᠳᠥᠷᠦᠭᠡᠨ ᠨᠠᠭᠤᠷ ᠤ᠋ᠨ ᠮᠢᠨᠢ ᠡᠷᠬᠡ ᠰᠠᠷᠠᠨ ᠤᠤ ᠳᠠ
ᠵᠠᠭᠤᠨ ᠵᠠᠭᠤᠨ ᠳ᠋ᠠᠭᠠᠨ ᠨᠡᠭᠦᠳᠡᠯᠯᠡᠨ ᠠᠮᠢᠳᠤᠷᠠᠭᠰᠠᠨ
ᠵᠡᠭᠡᠷ᠎ᠡ ᠶ᠋ᠢᠨ ᠭᠣᠣᠯ ᠤ᠋ᠨ ᠮᠢᠨᠢ ᠨᠠᠯᠠᠭᠠᠷᠬᠠᠨ ᠵᠤᠰᠠᠭᠠᠯ ᠤᠤ ᠳᠠ
ᠳᠠᠭᠤᠨ ᠠ᠋ᠴᠠ ᠳᠠᠭᠤᠨ ᠳ᠋ᠤ᠌ ᠳᠠᠮᠵᠢᠨ ᠮᠥᠩᠬᠡᠷᠡᠭᠰᠡᠨ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠵᠠᠭᠤᠨ ᠵᠠᠭᠤᠨ ᠳ᠋ᠠᠭᠠᠨ ᠨᠡᠭᠦᠳᠡᠯᠯᠡᠨ ᠠᠮᠢᠳᠤᠷᠠᠭᠰᠠᠨ
ᠵᠡᠭᠡᠷ᠎ᠡ ᠶ᠋ᠢᠨ ᠭᠣᠣᠯ ᠤ᠋ᠨ ᠮᠢᠨᠢ ᠨᠠᠯᠠᠭᠠᠷᠬᠠᠨ ᠵᠤᠰᠠᠭᠠᠯ ᠤᠤ ᠳᠠ
ᠳᠠᠭᠤᠨ ᠠ᠋ᠴᠠ ᠳᠠᠭᠤᠨ ᠳ᠋ᠤ᠌ ᠳᠠᠮᠵᠢᠨ ᠮᠥᠩᠬᠡᠷᠡᠭᠰᠡᠨ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠦᠰᠦᠭ ᠬᠠᠳᠠᠭᠴᠢ᠄ ᠮᠥᠩᠭᠥᠨ
ᠦᠰᠦᠭ ᠠᠮᠢᠯᠠᠭᠤᠯᠤᠭᠴᠢ᠄ ᠮᠥᠩᠭᠥᠨ
ᠬᠢᠨᠠᠭᠴᠢ ᠪᠠᠭᠰᠢ᠄ ᠣᠳᠬᠠᠨᠰᠣ᠎ᠠ
