ᠬᠦᠯᠦᠭ ᠮᠢᠨᠢ ᠬᠤᠭᠤᠷ ᠮᠢᠨᠢХүлэг минь хоор минь
ᠬᠦᠯᠦᠭ ᠮᠢᠨᠢ ᠬᠤᠭᠤᠷ ᠮᠢᠨᠢ
(ᠮᠣᠷᠢᠨ ᠬᠤᠭᠤᠷ ᠤ᠋ᠨ ᠮᠠᠭᠲᠠᠭᠤ)
— ᠠᠮᠤᠭᠤᠯᠠᠩ᠂ ᠰᠣᠳᠣᠰᠡᠴᠡᠨ ᠳᠠᠭᠤᠯᠠᠨ᠎ᠠ
ᠠᠶᠠᠯᠭᠤ ᠲᠡᠭᠦᠰ ᠬᠤᠭᠤᠷ ᠮᠢᠨᠢ ᠠᠢᠵᠠᠮ ᠨᠡᠮᠡᠨ ᠬᠠᠯᠭᠢᠭᠠᠷᠠᠢ
ᠠᠷᠠᠳ ᠣᠯᠠᠨ ᠤ᠋ ᠪᠠᠨ ᠪᠦᠲᠦᠭᠡᠯ ᠢ᠋ ᠠᠶ᠎ᠠ ᠨᠡᠮᠡᠨ ᠳᠠᠭᠤᠷᠢᠰᠬᠠᠭᠠᠷᠠᠢ
ᠠᠷᠭᠤᠮᠠᠭ ᠬᠦᠯᠦᠭ ᠮᠣᠷᠢ ᠪᠠᠨ ᠮᠠᠭᠲᠠᠨ ᠳᠠᠭᠤᠯᠠᠨ ᠡᠭᠡᠰᠢᠭᠯᠡᠭᠡᠷᠡᠢ
ᠠᠷᠪᠢᠨ ᠲᠡᠦᠬᠡ ᠳᠣᠮᠣᠭ ᠢ᠋ᠶ᠋ᠠᠨ ᠠᠶᠠᠯᠭᠤᠯᠠᠨ ᠬᠦᠦᠷᠰᠢᠵᠦ ᠲᠦᠷᠡᠭᠡᠷᠡᠢ
ᠬᠤᠭᠤᠷ ᠮᠢᠨᠢ᠂ ᠬᠦᠯᠦᠭ ᠮᠢᠨᠢ᠂ ᠬᠦᠯᠦᠭ ᠮᠢᠨᠢ᠂ ᠬᠤᠭᠤᠷ ᠮᠢᠨᠢ
ᠬᠦᠰᠡᠯ ᠮᠠᠨᠳᠤᠯ ᠤ᠋ᠨ ᠵᠢᠭᠦᠷ᠂ ᠬᠥᠮᠦᠨ ᠠᠷᠠᠳ ᠤ᠋ᠨ ᠤᠷᠠᠯᠢᠭ ᠠ᠋
ᠮᠣᠯᠣᠷ ᠡᠷᠳᠡᠨᠢ ᠶ᠋ᠢᠨ ᠲᠣᠯᠣᠭᠠᠢ ᠲᠠᠢ ᠮᠣᠷᠢᠨ ᠣᠪᠣᠭᠲᠤ ᠬᠥᠭᠵᠢᠮ ᠮᠢᠨᠢ
ᠮᠣᠩᠭᠣᠯ ᠤ᠋ᠨ ᠭᠡᠵᠦ ᠨᠡᠷᠡᠯᠡᠭᠳᠡᠭᠰᠡᠨ ᠮᠢᠨᠦ ᠠᠷᠠᠳ ᠤ᠋ᠨ ᠴᠢᠪᠠᠭᠳᠠᠰᠤ ᠮᠢᠨᠢ
ᠬᠦᠯᠦᠭ ᠮᠣᠷᠢᠨ ᠤ᠋ ᠨᠢᠷᠤᠭᠤᠨ᠎ᠠ ᠬᠥᠮᠦᠨ ᠠᠷᠠᠳ ᠨᠢ ᠵᠢᠭᠦᠷᠯᠡᠭᠡᠳ
ᠬᠦᠴᠦᠲᠦ ᠨᠠᠷᠠᠨ ᠤ᠋ ᠢᠪᠡᠭᠡᠯ ᠢ᠋ᠶ᠋ᠡᠷ ᠬᠥᠷᠥᠰᠥᠲᠦ ᠳᠡᠯᠡᠬᠡᠢ ᠶ᠋ᠢ ᠡᠵᠡᠩᠨᠡᠭᠰᠡᠨ
ᠬᠤᠭᠤᠷ ᠮᠢᠨᠢ᠂ ᠬᠦᠯᠦᠭ ᠮᠢᠨᠢ᠂ ᠬᠦᠯᠦᠭ ᠮᠢᠨᠢ᠂ ᠬᠤᠭᠤᠷ ᠮᠢᠨᠢ
ᠬᠦᠰᠡᠯ ᠮᠠᠨᠳᠤᠯ ᠤ᠋ᠨ ᠵᠢᠭᠦᠷ᠂ ᠬᠥᠮᠦᠨ ᠠᠷᠠᠳ ᠤ᠋ᠨ ᠤᠷᠠᠯᠢᠭ ᠠ᠋
ᠤᠶᠠᠬᠠᠨ ᠽᠠᠮᠪᠤᠲᠢᠪ ᠢ᠋ᠶ᠋ᠠᠨ ᠡᠩᠬᠡ ᠲᠠᠢᠪᠤᠩ ᠨᠥᠮᠥᠷᠴᠦ
ᠤᠶᠠᠨ ᠬᠣᠶᠠᠷ ᠤᠲᠠᠰᠤ ᠪᠠᠷ ᠢ᠋ᠶ᠋ᠠᠨ ᠡᠪ ᠢ᠋ ᠬᠣᠯᠪᠣᠭᠰᠠᠨ ᠬᠤᠭᠤᠷ ᠮᠢᠨᠢ
ᠬᠠᠩᠭᠠᠢ ᠭᠣᠪᠢ ᠶ᠋ᠢ ᠬᠠᠯᠭᠢᠭᠠᠵᠤ ᠬᠠᠮᠤᠭ ᠠᠷᠠᠳ ᠢ᠋ᠶ᠋ᠠᠨ ᠪᠠᠶᠠᠰᠬᠠᠵᠤ
ᠬᠠᠷᠢ ᠶ᠋ᠢᠨ ᠭᠦᠷᠦᠨ ᠳ᠋ᠦ᠍ ᠪᠢᠰᠢᠷᠡᠭᠳᠡᠭᠰᠡᠨ ᠬᠠᠯᠬ᠎ᠠ ᠲᠦᠮᠡᠨ ᠦ᠌ ᠵᠢᠮᠰᠡᠭ ᠮᠢᠨᠢ
ᠬᠤᠭᠤᠷ ᠮᠢᠨᠢ᠂ ᠬᠦᠯᠦᠭ ᠮᠢᠨᠢ ᠂ᠬᠦᠯᠦᠭ ᠮᠢᠨᠢ᠂ ᠬᠤᠭᠤᠷ ᠮᠢᠨᠢ
ᠬᠣᠣᠰ ᠬᠣᠶᠠᠷ ᠴᠢᠪᠠᠭᠳᠠᠰᠤᠨ ᠳ᠋ᠤ᠌ ᠪᠠᠨ ᠬᠣᠷᠸ᠎ᠠ ᠳᠠᠶᠠᠩ ᠢ᠋ᠶ᠋ᠠᠨ ᠪᠠᠭᠲᠠᠭᠠᠵᠤ
ᠬᠣᠣᠰ ᠦᠭᠡᠢ ᠰᠠᠢᠬᠠᠨ ᠳᠠᠭᠤᠨ ᠳ᠋ᠤ᠌ ᠨᠢ ᠬᠠᠷ᠎ᠠ ᠰᠠᠨᠠᠭᠠᠲᠠᠨ ᠬᠡᠬᠡᠷᠡᠨᠡ
ᠬᠦᠯᠦᠭ ᠮᠣᠷᠢ ᠪᠠᠨ ᠪᠢᠳᠡ ᠨᠠᠷ ᠬᠠᠢᠷᠠᠯᠠᠨ ᠠᠳᠤᠭᠤᠯᠠᠳᠠᠭ ᠰᠢᠭ᠋
ᠬᠥᠪᠴᠢᠲᠦ ᠰᠠᠢᠬᠠᠨ ᠬᠤᠭᠤᠷ ᠢ᠋ᠶ᠋ᠠᠨ ᠬᠥᠮᠦᠨ ᠠᠷᠠᠳ ᠮᠢᠨᠢ ᠡᠵᠡᠮᠰᠢᠭᠡᠷᠡᠢ
ᠬᠤᠭᠤᠷ ᠮᠢᠨᠢ᠂ ᠬᠦᠯᠦᠭ ᠮᠢᠨᠢ᠂ ᠬᠦᠯᠦᠭ ᠮᠢᠨᠢ᠂ ᠬᠤᠭᠤᠷ ᠮᠢᠨᠢ
ᠬᠦᠰᠡᠯ ᠮᠠᠨᠳᠤᠯ ᠤ᠋ᠨ ᠵᠢᠭᠦᠷ᠂ ᠬᠥᠮᠦᠨ ᠠᠷᠠᠳ ᠤ᠋ᠨ ᠤᠷᠠᠯᠢᠭ ᠠ᠋
ᠡᠷᠳᠡᠨᠢ ᠶ᠋ᠢᠨ ᠲᠣᠯᠣᠭᠠᠢᠲᠤ ᠬᠤᠭᠤᠷ ᠢ᠋ᠶ᠋ᠠᠨ ᠡᠭᠡᠨᠡᠭᠲᠡ ᠬᠣᠢᠮᠣᠷ ᠢ᠋ᠶ᠋ᠠᠨ ᠵᠠᠯᠠᠵᠤ
ᠬᠦᠨᠳᠦᠯᠡᠵᠦ ᠳᠡᠭᠡᠳᠦᠯᠡᠬᠦ ᠶ᠋ᠢᠨ ᠢᠯᠳᠠᠮ ᠳ᠋ᠤ᠌ ᠬᠥᠮᠦᠨ ᠪᠦᠬᠦᠨ ᠰᠤᠷᠴᠠᠭᠠᠶ᠎ᠠ
ᠦᠰᠦᠭ ᠠᠮᠢᠯᠠᠭᠤᠯᠤᠭᠰᠠᠨ ᠨᠢ᠄ ᠰᠣᠳᠣ
ᠦᠰᠦᠭ ᠬᠠᠲᠠᠭᠰᠠᠨ ᠨᠢ᠄ ᠰᠣᠳᠣ
ᠬᠢᠨᠠᠭᠴᠢ᠄ ᠢᠷᠡᠭᠡᠳᠦᠢ
