ᠵᠠᠩ ᠰᠢᠦ ᠯᠢᠩ- ᠴᠠᠭᠠᠨᠪᠠᠷᠰЖан шүү лин-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩ ᠰᠢᠦ ᠯᠢᠩ- ᠴᠠᠭᠠᠨᠪᠠᠷᠰЖан шүү лин-Цагаанбар

ᠵᠠᠩ ᠰᠢᠦ ᠯᠢᠩ- ᠴᠠᠭᠠᠨᠪᠠᠷᠰЖан шүү лин-Цагаанбар

2025-12-05

295

ᠵᠠᠩ ᠰᠢᠦ ᠯᠢᠩ


   ᠴᠠᠭᠠᠨᠪᠠᠷᠰ ᠳᠠᠭᠤᠯᠠᠪᠠ 
     ᠬᠣᠷᠴᠢᠨ ᠠᠷᠠᠳ ᠤ᠋ᠨ ᠳᠠᠭᠤᠤ 

ᠮᠠᠩᠬᠠᠨ ᠳᠡᠭᠡᠷ᠎ᠡ ᠪᠡᠨ ᠣᠷᠭᠣᠭᠠᠳ ᠲᠡᠭᠡᠭᠰᠡᠨ 
ᠮᠠᠨᠳᠠᠷᠠᠸ᠎ᠠ ᠯᠢᠩᠬᠤ᠎ᠠ ᠬᠤᠸᠠᠷ ᠨᠢ ᠠ᠋ ᠂ ᠠ ᠬᠠ ᠬᠦᠢ 
ᠮᠠᠩᠬ᠎ᠠ ᠮᠠᠩᠬ᠎ᠠ ᠶ᠋ᠢᠨ ᠢ᠋ᠶ᠋ᠡᠨ ᠬᠤᠸᠠᠷ ᠤ᠋ᠨ ᠢ᠋ᠶ᠋ᠠᠨ ᠬᠢᠨᠢ 
ᠥᠩᠭᠡ ᠶ᠋ᠢ ᠨᠢ ᠠᠪᠤᠭᠠᠳ ᠤᠷᠭᠤᠯ᠎ᠠ ᠶᠠ ᠬᠦᠢ 

ᠮᠠᠨ ᠤ᠋ ᠠᠢᠯ ᠤ᠋ᠨ 
ᠵᠠᠩ ᠰᠢᠦ ᠯᠢᠩ ᠬᠡᠦᠬᠡᠨ ᠠ᠋ ᠂ ᠠ ᠬᠠ ᠬᠦᠢ 
ᠮᠠᠨ ᠤ᠋ ᠮᠠᠨ ᠤ᠋ ᠬᠦᠢ ᠂ ᠡᠮᠡᠰ ᠦ᠋ᠳ ᠦ᠋ᠨ ᠢ᠋ᠶ᠋ᠡᠨ 
ᠤᠬᠠᠭᠠᠨ ᠢ᠋ ᠨᠢ ᠠᠪᠤᠭᠠᠳ ᠲᠥᠷᠥᠴᠢᠬᠡᠪᠡ ᠠ᠋ ᠬᠦᠢ 

ᠠᠭᠤᠯᠠᠨ ᠳᠡᠭᠡᠷ᠎ᠡ ᠪᠡᠨ ᠣᠷᠭᠣᠭᠠᠳ ᠲᠡᠭᠡᠭᠰᠡᠨ
ᠤᠯᠠᠭᠠᠨ ᠯᠢᠩᠬᠤ᠎ᠠ ᠬᠤᠸᠠᠷ ᠨᠢ ᠳᠡ ᠂ ᠠ ᠬᠠ ᠬᠦᠢ
ᠠᠭᠤᠯᠠ ᠠᠭᠤᠯᠠᠨ ᠤ᠋ ᠬᠤᠸᠠᠷ ᠤ᠋ᠨ ᠢ᠋ᠶ᠋ᠠᠨ
ᠥᠩᠭᠡ ᠶ᠋ᠢ ᠨᠢ ᠠᠪᠤᠭᠠᠳ ᠤᠷᠭᠤᠯ᠎ᠠ ᠶᠠ ᠬᠦᠢ

ᠤᠷᠠᠯᠢᠭ ᠲᠥᠷᠥᠭᠡᠳ ᠲᠡᠭᠡᠭᠰᠡᠨ
ᠵᠠᠩ ᠰᠢᠦ ᠯᠢᠩ ᠬᠡᠦᠬᠡᠨ ᠠ᠋ ᠠ ᠬᠠ ᠬᠦᠢ
ᠤᠯᠤᠰ ᠤᠯᠤᠰ ᠤ᠋ᠨ ᠡᠮᠡᠰ ᠦ᠋ᠳ ᠦ᠋ᠨ ᠢ᠋ᠶ᠋ᠡᠨ
ᠤᠬᠠᠭᠠᠨ ᠢ᠋ ᠨᠢ ᠠᠪᠤᠭᠠᠳ ᠳᠦᠷᠦᠴᠢᠬᠡᠪᠡ ᠠ᠋ ᠬᠦᠢ

ᠤᠤᠵᠢ ᠪᠣᠯᠤᠭᠠᠳ ᠤᠭᠤᠲᠠ ᠲᠠᠢ ᠴᠢᠨᠢ
ᠠᠪᠤᠭᠠᠳ ᠥᠭᠬᠦ ᠶ᠋ᠢᠨ ᠬᠣᠭᠣᠷᠣᠨᠳᠣ ᠠ᠋᠂ ᠠ ᠬᠠ ᠬᠦᠢ
ᠤᠴᠢᠷ ᠦᠭᠡᠢ ᠬᠦᠢ᠂ ᠠᠭᠤᠷ ᠬᠦᠷᠬᠦ ᠴᠢᠨᠢ
ᠶᠠᠭᠤᠨ ᠤ᠋ ᠶᠠᠭᠤᠮ᠎ᠠ ᠳᠠ᠂ ᠴᠢ ᠮᠢᠨᠢ ᠠ᠋ ᠬᠦᠢ

  ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ᠂
  ᠬᠢᠨᠠᠭᠴᠢ ᠄ ᠴᠢᠨᠳᠠᠮᠤᠨᠢ