ᠳᠤᠯᠠᠭᠠᠬᠠᠨ ᠨᠠᠮᠤᠷ -ᠰ᠂ ᠵᠢᠪᠬᠤᠯᠠᠩDulaakhan namar-S,JavkhlanДулаахан намар-С,Жавхлан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠯᠠᠭᠠᠬᠠᠨ ᠨᠠᠮᠤᠷ -ᠰ᠂ ᠵᠢᠪᠬᠤᠯᠠᠩDulaakhan namar-S,JavkhlanДулаахан намар-С,Жавхлан

ᠳᠤᠯᠠᠭᠠᠬᠠᠨ ᠨᠠᠮᠤᠷ -ᠰ᠂ ᠵᠢᠪᠬᠤᠯᠠᠩDulaakhan namar-S,JavkhlanДулаахан намар-С,Жавхлан

ᠠᠩᠭᠢᠯᠠᠯ:ᠳᠠᠭᠤᠤ ᠬᠥᠭᠵᠢᠮ
2025-12-03

502

ᠳᠤᠯᠠᠭᠠᠬᠠᠨ ᠨᠠᠮᠤᠷ


   ᠦᠭᠡ᠄ ᠳ· ᠰᠠᠮᠠᠨᠳᠠ 
   ᠠᠶ᠎ᠠ᠄ᠪ· ᠫᠦᠷᠪᠦᠰᠥ᠋ᠷᠦᠩ 
   ᠳᠠᠭᠤᠴᠢᠨ᠄ᠰ᠂ ᠵᠢᠪᠬᠤᠯᠠᠩ 

ᠨᠠᠷᠠ ᠦᠨᠦᠷᠲᠦᠭᠰᠡᠨ ᠳᠡᠪᠡᠯ ᠳ᠋ᠦ᠍ ᠨᠢ ᠰᠢᠷᠭᠤᠬᠤ ᠳ᠋ᠤ᠌ 
ᠭᠡᠷ ᠨᠠᠢᠭᠤᠭᠰᠠᠨ ᠰᠠᠯᠬᠢ ᠲᠣᠭᠲᠠᠭᠠᠳ 
ᠡᠭᠦᠯᠡᠨ ᠳᠡᠭᠡᠭᠦᠷ ᠣᠳᠣᠳ ᠤ᠋ᠨ ᠳᠤᠮᠳᠠ 
ᠦᠯᠢᠭᠡᠷ ᠦ᠋ᠨ ᠬᠦᠯᠦᠭ ᠢ᠋ᠶ᠋ᠡᠷ ᠨᠢᠰᠴᠦ ᠵᠡᠭᠦᠳᠦᠯᠡᠭᠡᠳ 

   ᠠᠪᠤ ᠲᠠᠢ ᠪᠠᠨ ᠬᠠᠮᠲᠤ ᠦᠳᠡᠭᠰᠡᠨ 
   ᠲᠡᠷᠡ ᠨᠠᠮᠤᠷ ᠠ᠋ ᠠᠢ ᠬᠦ 
   ᠨᠠᠮᠤᠷ ᠨᠠᠮᠤᠷ ᠠ᠋ᠴᠠ ᠰᠠᠢᠬᠠᠨ ᠨᠠᠮᠤᠷ ᠠ᠋ 

ᠰᠠᠷᠠ ᠬᠥᠪᠦᠭᠰᠡᠨ ᠴᠠᠢ ᠶ᠋ᠢᠨ ᠠᠭᠠᠭ ᠲᠤ᠌
ᠦᠶ᠎ᠡ ᠴᠢᠩᠭᠠᠷᠠᠨ ᠬᠠᠳᠤᠭᠤᠷ ᠬᠤᠷᠴᠠᠳᠤᠭᠠᠳ
ᠲᠤᠯᠭᠠᠨ ᠭᠠᠯ ᠤ᠋ᠨ ᠮᠠᠢᠬᠠᠨ ᠭᠡᠷᠡᠯ ᠳ᠋ᠦ᠍
ᠲᠣᠬᠣᠮ ᠤ᠋ᠨ ᠬᠥᠯᠥᠰᠥ ᠪᠡᠨ ᠮᠣᠷᠢᠳ ᠨᠢ ᠰᠢᠯᠭᠡᠭᠡᠭᠡᠳ

   ᠠᠪᠤ ᠲᠠᠢ ᠪᠠᠨ ᠬᠠᠮᠲᠤ ᠦᠳᠡᠭᠰᠡᠨ
   ᠲᠡᠷᠡ ᠨᠠᠮᠤᠷ ᠠ᠋ ᠠᠢ ᠬᠦ
   ᠨᠠᠮᠤᠷ ᠨᠠᠮᠤᠷ ᠠ᠋ᠴᠠ ᠰᠠᠢᠬᠠᠨ ᠨᠠᠮᠤᠷ ᠠ᠋

ᠠᠪᠤ ᠶ᠋ᠢᠨ ᠤᠬᠠᠭᠠᠨ ᠵᠠᠯᠭᠠᠭᠰᠠᠨ ᠬᠦᠦ
ᠠᠩᠭᠢᠷ ᠡᠵᠢ ᠳ᠋ᠦ᠍ ᠪᠡᠨ ᠠᠭᠤᠯᠠ ᠶᠤᠮ ᠭᠡᠨ᠎ᠡ ᠯᠠᠢ
ᠨᠡᠷᠡᠲᠦ ᠶ᠋ᠢᠨ ᠵᠢᠮ᠎ᠡ ᠬᠡᠴᠡᠭᠦᠦ ᠶ᠋ᠢ ᠶᠠᠭᠠᠬᠢᠨ᠎ᠠ
ᠨᠠᠪᠴᠢᠰ ᠤᠨᠠᠬᠤ ᠪᠠᠷ ᠲᠠᠭᠠᠷᠠᠬᠤ ᠶᠤᠮ ᠳᠠ

  ᠨᠠᠮᠤᠷ ᠨᠠᠮᠤᠷ ᠠ᠋ᠴᠠ ᠠᠵᠠ ᠲᠠᠢ ᠨᠠᠮᠤᠷ ᠠ᠋
  ᠨᠠᠮᠤᠷ ᠨᠠᠮᠤᠷ ᠠ᠋ᠴᠠ ᠳᠤᠯᠠᠭᠠᠬᠠᠨ ᠨᠠᠮᠤᠷ ᠠ᠋
  ᠠᠪᠤ ᠲᠠᠢ ᠪᠠᠨ ᠬᠠᠮᠲᠤ ᠦᠳᠡᠭᠰᠡᠨ
  ᠲᠡᠷᠡ ᠨᠠᠮᠤᠷ ᠠ ᠠᠢ ᠬᠦ

   ᠨᠠᠮᠤᠷ ᠨᠠᠮᠤᠷ ᠠ᠋ᠴᠠ ᠰᠠᠢᠬᠠᠨ ᠨᠠᠮᠤᠷ ᠠ᠋
   ᠨᠠᠮᠤᠷ ᠨᠠᠮᠤᠷ ᠠ᠋ᠴᠠ ᠰᠠᠢᠬᠠᠨ ᠨᠠᠮᠤᠷ ᠠ᠋

ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ ᠪᠠᠭᠰᠢ᠄ ᠣᠳᠬᠠᠨᠰᠣ᠎ᠠ