ᠣᠷᠴᠢᠯᠠᠩ ᠳ᠋ᠤ᠌ ᠢᠵᠢᠯ ᠦᠭᠡᠢ ᠨᠤᠲᠤᠭ -ᠲᠦᠮᠡᠨOrchlond ijilgüi nutag-TümenОрчлонд ижилгүй нутаг-Түмэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠯᠠᠩ ᠳ᠋ᠤ᠌ ᠢᠵᠢᠯ ᠦᠭᠡᠢ ᠨᠤᠲᠤᠭ -ᠲᠦᠮᠡᠨOrchlond ijilgüi nutag-TümenОрчлонд ижилгүй нутаг-Түмэн

ᠣᠷᠴᠢᠯᠠᠩ ᠳ᠋ᠤ᠌ ᠢᠵᠢᠯ ᠦᠭᠡᠢ ᠨᠤᠲᠤᠭ -ᠲᠦᠮᠡᠨOrchlond ijilgüi nutag-TümenОрчлонд ижилгүй нутаг-Түмэн

ᠠᠩᠭᠢᠯᠠᠯ:ᠳᠠᠭᠤᠤ ᠬᠥᠭᠵᠢᠮ
2025-12-03

602

ᠣᠷᠴᠢᠯᠠᠩ ᠳ᠋ᠤ᠌ ᠢᠵᠢᠯ ᠦᠭᠡᠢ ᠨᠤᠲᠤᠭ


  ᠰᠢᠯᠦᠭ᠂ ᠠᠶ᠎ᠠ᠄ ᠨ᠂ ᠵᠠᠩᠴᠢᠨᠨᠣᠷᠪᠤ( ᠮᠣᠩᠭᠣᠯ ᠤᠯᠤᠰ) 
  ᠳᠠᠭᠤᠴᠢᠨ᠄ ᠲᠦᠮᠡᠨ 

ᠲᠡᠷᠲᠡᠭᠡ ᠳ᠋ᠦ᠍ ᠴᠡᠯᠡᠢᠬᠦ ᠲᠩᠷᠢ ᠶ᠋ᠢᠨ ᠳᠣᠣᠷ᠎ᠠ 
ᠮᠣᠩᠭᠣᠯ ᠬᠥᠮᠦᠨ ᠦ᠌ ᠥᠯᠥᠭᠡᠢ ᠪᠣᠢ 
ᠲᠡᠨᠢᠭᠦᠨ ᠲᠠᠯ᠎ᠠ ᠶ᠋ᠢᠨ ᠠᠭᠤᠳᠠᠮ ᠳ᠋ᠤ᠌ ᠬᠣᠯᠠᠳᠠᠭ᠎ᠠ ᠦᠭᠡᠢ 
ᠮᠣᠩᠭᠣᠯ ᠬᠥᠮᠦᠨ ᠦ᠌ ᠰᠡᠳᠬᠢᠯ ᠪᠣᠢ 

ᠠᠯᠲᠠᠨ ᠰᠢᠷᠭᠠᠯ ᠨᠠᠷᠠᠨ ᠤ᠋ ᠳᠣᠣᠷ᠎ᠠ 
ᠠᠮᠢᠲᠠᠨ ᠪᠦᠬᠦᠨ  ᠦ᠌ ᠵᠢᠷᠭᠠᠯ ᠪᠣᠢ 
ᠠᠮᠢᠨ ᠭᠣᠣᠯ ᠠ᠋ᠴᠠ ᠠᠯᠳᠠᠷᠠᠨ ᠠᠯᠳᠠᠷᠠᠭ᠎ᠠ ᠦᠭᠡᠢ 
ᠠᠷᠢᠭᠤᠨ ᠬᠠᠢᠷ᠎ᠠ ᠶ᠋ᠢᠨ ᠤᠨᠳᠤᠷᠭ᠎ᠠ ᠪᠣᠢ
ᠥᠯᠥᠭᠡᠢ ᠨᠤᠲᠤᠭ ᠢ᠋ᠶ᠋ᠠᠨ ᠬᠠᠷᠠᠮᠠᠷ ᠪᠠᠢᠨ᠎ᠠ
ᠥᠪᠡᠷ ᠦ᠋ᠨ ᠡᠷᠬᠡ ᠦᠭᠡᠢ ᠤᠬᠢᠯᠠᠮᠠᠷ ᠪᠠᠢᠨ᠎ᠠ
ᠥᠷᠯᠥᠭᠡ ᠦᠳᠡᠰᠢ ᠦᠭᠡᠢ ᠳᠠᠭᠤᠯᠠᠮᠠᠷ ᠪᠠᠢᠨ᠎ᠠ
ᠥᠨᠥᠴᠢᠨ ᠵᠢᠷᠦᠬᠡ ᠪᠡᠨ ᠴᠦ᠍ ᠡᠷᠭᠦᠮᠡᠷ ᠪᠠᠢᠨ᠎ᠠ

ᠮᠥᠩᠭᠥᠨ ᠰᠠᠴᠤᠷᠠᠯᠲᠤ ᠰᠠᠷᠠᠨ ᠤ᠋ ᠳᠣᠣᠷ᠎ᠠ
ᠮᠥᠷᠡᠨ ᠭᠣᠣᠯ ᠮᠢᠨᠢ ᠮᠢᠷᠠᠯᠵᠠᠨ ᠪᠣᠢ
ᠮᠢᠩᠭ᠎ᠠ ᠮᠢᠩᠭ᠎ᠠ ᠪᠠᠷ ᠲᠠᠰᠤᠷᠠᠨ ᠲᠠᠰᠤᠷᠠᠭ᠎ᠠ ᠦᠭᠡᠢ
ᠮᠢᠨᠦ ᠳᠡᠭᠡᠳᠦᠰ ᠦ᠋ᠨ ᠵᠠᠶᠠᠭ᠎ᠠ ᠪᠣᠢ

ᠣᠷᠣᠢᠯᠠᠵᠤ ᠲᠦᠭᠡᠭᠰᠡᠨ ᠣᠳᠣᠳ ᠤ᠋ᠨ ᠳᠣᠣᠷ᠎ᠠ
ᠣᠩᠭᠣᠨ ᠴᠠᠭᠠᠨ ᠬᠦᠯᠦᠭ ᠮᠢᠨᠢ ᠪᠣᠢ
ᠠᠮᠤᠭᠤᠯᠠᠩ ᠨᠣᠢᠷᠤᠨ ᠳ᠋ᠤ᠌ ᠴᠦ᠍ ᠦᠷᠭᠦᠯᠵᠢ ᠵᠡᠭᠦᠳᠦᠯᠡᠭᠡᠰᠦᠲᠡᠢ
ᠣᠷᠴᠢᠯᠠᠩ ᠳ᠋ᠤ᠌ ᠢᠵᠢᠯ ᠦᠭᠡᠢ ᠨᠤᠲᠤᠭ ᠮᠢᠨᠢ ᠪᠣᠢ
ᠥᠯᠥᠭᠡᠢ ᠨᠤᠲᠤᠭ ᠢ᠋ᠶ᠋ᠠᠨ ᠬᠠᠷᠠᠮᠠᠷ ᠪᠠᠢᠨ᠎ᠠ
ᠥᠪᠡᠷ ᠦ᠋ᠨ ᠡᠷᠬᠡ ᠦᠭᠡᠢ ᠤᠬᠢᠯᠠᠮᠠᠷ ᠪᠠᠢᠨ᠎ᠠ
ᠥᠷᠯᠥᠭᠡ ᠦᠳᠡᠰᠢ ᠦᠭᠡᠢ ᠳᠠᠭᠤᠯᠠᠮᠠᠷ ᠪᠠᠢᠨ᠎ᠠ
ᠥᠨᠥᠴᠢᠨ ᠵᠢᠷᠦᠬᠡ ᠪᠡᠨ ᠴᠦ᠍ ᠡᠷᠭᠦᠮᠡᠷ ᠪᠠᠢᠨ᠎ᠠ

   ᠦᠰᠦᠭ ᠠᠮᠢᠯᠠᠭᠤᠯᠤᠭᠰᠠᠨ ᠨᠢ᠄ ᠰᠣᠳᠣ
   ᠦᠰᠦᠭ ᠬᠠᠲᠠᠭᠰᠠᠨ ᠨᠢ᠄ ᠰᠣᠳᠣ