ᠪᠢᠯᠢᠭ ᠦ᠋ᠨ ᠠᠯᠲᠠᠨ ᠥᠯᠥᠭᠡᠢBilgiin altan ölgiiБилгийн алтан өлгий
ᠪᠢᠯᠢᠭ ᠦ᠋ᠨ ᠠᠯᠲᠠᠨ ᠥᠯᠥᠭᠡᠢ
(ᠳ᠋ᠠᠪᠠᠨ ᠤ᠋ ᠮᠣᠩᠭᠣᠯ ᠲᠤᠷᠰᠢᠯᠲᠠ ᠶ᠋ᠢᠨ ᠪᠠᠭ᠎ᠠ ᠰᠤᠷᠭᠠᠭᠤᠯᠢ ᠶ᠋ᠢᠨ ᠰᠤᠷᠭᠠᠭᠤᠯᠢ ᠶ᠋ᠢᠨ ᠳᠠᠭᠤᠤ)
ᠰᠢᠯᠦᠭ᠄ ᠦ᠊ · ᠨᠠᠴᠢᠨ
ᠠᠶ᠎ᠠ᠄ ᠰᠡᠴᠡᠨᠴᠣᠭᠲᠤ
ᠠᠭᠤᠯᠠ ᠨᠢ ᠰᠦᠷᠯᠢᠭ ᠪᠠᠭᠠᠷᠢᠨ ᠨᠤᠲᠤᠭ ᠤ᠋ᠨ ᠢ᠋ᠶ᠋ᠠᠨ ᠬᠡᠢᠮᠣᠷᠢ ᠶ᠋ᠢ ᠡᠷᠭᠦᠵᠦ
ᠤᠬᠠᠭᠠᠨ ᠨᠢ ᠰᠣᠷᠭᠣᠭ ᠮᠣᠩᠭᠣᠯ ᠬᠡᠦᠬᠡᠳ ᠢ᠋ᠶ᠋ᠡᠨ ᠡᠷᠳᠡᠮ ᠢ᠋ᠶ᠋ᠡᠷ ᠥᠯᠥᠭᠡᠢᠳᠡᠭᠰᠡᠨ
ᠤᠷᠤᠰᠬᠠᠯ ᠲᠤᠩᠭᠠᠯᠠᠭ ᠴᠠᠭᠠᠨ ᠮᠥᠷᠡᠨ ᠦ᠌ ᠪᠡᠨ ᠱᠤᠤᠭᠢᠶ᠎ᠠ ᠳ᠋ᠤ᠌ ᠬᠣᠣᠰᠯᠠᠭᠤᠯᠵᠤ
ᠤᠶᠠᠩᠭ᠎ᠠ ᠲᠤᠩᠭᠠᠯᠠᠭ ᠮᠣᠩᠭᠣᠯ ᠬᠡᠯᠡᠨ ᠦ᠌ ᠪᠡᠨ ᠡᠬᠡᠰᠢᠭ ᠢ᠋ ᠬᠠᠩᠭᠢᠨᠠᠭᠤᠯᠤᠭᠰᠠᠨ
ᠠᠯᠠᠭ ᠴᠡᠴᠡᠭᠡᠰ ᠢ᠋ᠶ᠋ᠡᠷ ᠬᠦᠷᠢᠶᠡᠯᠡᠭᠦᠯᠦᠭᠰᠡᠨ ᠰᠣᠶᠣᠯ ᠤ᠋ᠨ ᠠᠷᠢᠭᠤᠨ ᠮᠠᠨᠴᠤᠢ
ᠠᠰᠬᠠᠨ ᠳᠠᠷᠬᠠᠨ ᠤ᠋ ᠲᠦᠰᠢᠯᠭᠡ ᠲᠡᠢ ᠮᠢᠨᠦ ᠡᠬᠡ ᠰᠤᠷᠭᠠᠭᠤᠯᠢ
ᠵᠢᠷᠤᠭ ᠰᠢᠯᠦᠭ ᠢ᠋ᠶ᠋ᠡᠷ ᠪᠦᠪᠡᠢᠯᠡᠭᠰᠡᠨ ᠪᠢᠯᠢᠭ ᠦ᠋ᠨ ᠠᠯᠲᠠᠨ ᠥᠯᠥᠭᠡᠢ
ᠵᠠᠭᠤᠨ ᠨᠠᠰᠤᠯᠠᠭᠰᠠᠨ ᠴᠤ᠌ ᠵᠠᠯᠠᠭᠤ ᠪᠠᠷ ᠢ᠋ᠶ᠋ᠠᠨ ᠮᠢᠨᠦ ᠡᠬᠡ ᠰᠤᠷᠭᠠᠭᠤᠯᠢ
ᠮᠡᠴᠢᠳ ᠨᠢ ᠴᠣᠭᠲᠠᠢ ᠶᠡᠬᠡ ᠪᠠᠢᠰᠢᠩ ᠤ᠋ᠨ ᠢ᠋ᠶ᠋ᠠᠨ ᠭᠣᠯᠣᠮᠲᠠ ᠶ᠋ᠢ ᠠᠰᠠᠭᠠᠵᠤ
ᠮᠡᠷᠭᠡᠳ ᠨᠢ ᠴᠤᠤᠲᠠᠢ ᠪᠠᠭᠠᠷᠢᠨ ᠰᠣᠶᠣᠯ ᠤ᠋ᠨ ᠢ᠋ᠶ᠋ᠠᠨ ᠭᠠᠯ ᠢ᠋ ᠪᠠᠳᠠᠷᠠᠭᠠᠭᠰᠠᠨ
ᠰᠡᠳᠬᠢᠯ ᠨᠢᠭᠡᠲᠡᠢ ᠪᠠᠭᠰᠢ ᠰᠤᠷᠤᠭᠴᠢᠳ ᠤ᠋ᠨ ᠢ᠋ᠶ᠋ᠠᠨ ᠢᠷᠦᠭᠡᠯ ᠢ᠋ ᠪᠠᠷᠢᠯᠳᠤᠭᠤᠯᠵᠤ
ᠢᠲᠡᠭᠡᠯ ᠪᠠᠲᠤᠲᠠᠢ ᠢᠷᠡᠭᠡᠳᠦᠢ ᠶ᠋ᠢᠨ ᠬᠠᠷᠭᠤᠢ ᠶ᠋ᠢ ᠵᠢᠳᠬᠦᠯ ᠢ᠋ᠶ᠋ᠡᠷ ᠨᠡᠭᠡᠭᠡᠭᠰᠡᠨ
ᠠᠯᠠᠭ ᠴᠡᠴᠡᠭᠡᠰ ᠢ᠋ᠶ᠋ᠡᠷ ᠬᠦᠷᠢᠶᠡᠯᠡᠭᠦᠯᠦᠭᠰᠡᠨ ᠰᠣᠶᠣᠯ ᠤ᠋ᠨ ᠠᠷᠢᠭᠤᠨ ᠮᠠᠨᠴᠤᠢ
ᠠᠰᠬᠠᠨ ᠳᠠᠷᠬᠠᠨ ᠤ᠋ ᠲᠦᠰᠢᠯᠭᠡ ᠲᠡᠢ ᠮᠢᠨᠦ ᠡᠬᠡ ᠰᠤᠷᠭᠠᠭᠤᠯᠢ
ᠵᠢᠷᠤᠭ ᠰᠢᠯᠦᠭ ᠢ᠋ᠶ᠋ᠡᠷ ᠪᠦᠪᠡᠢᠯᠡᠭᠰᠡᠨ ᠪᠢᠯᠢᠭ ᠦ᠋ᠨ ᠠᠯᠲᠠᠨ ᠥᠯᠥᠭᠡᠢ
ᠵᠠᠭᠤᠨ ᠨᠠᠰᠤᠯᠠᠭᠰᠠᠨ ᠴᠤ᠌ ᠵᠠᠯᠠᠭᠤ ᠪᠠᠷ ᠢ᠋ᠶ᠋ᠠᠨ ᠮᠢᠨᠦ ᠡᠬᠡ ᠰᠤᠷᠭᠠᠭᠤᠯᠢ
ᠢᠷᠡᠯᠲᠡ᠄ ᠤᠯᠠᠭᠠᠨᠬᠠᠳᠠ ᠶ᠋ᠢᠨ ᠮᠣᠩᠭᠣᠯ ᠷᠠᠳᠢᠣ᠋
ᠦᠰᠦᠭ ᠠᠮᠢᠯᠠᠭᠤᠯᠤᠭᠴᠢ᠄ ᠠᠯᠲᠠᠨᠨᠠᠪᠴᠢ
