ᠳᠥᠷᠪᠡᠨ ᠴᠠᠭ ᠤᠨ ᠲᠠᠯ᠎ᠠДөрвөн цагийн тал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠴᠠᠭ ᠤᠨ ᠲᠠᠯ᠎ᠠДөрвөн цагийн тал

ᠳᠥᠷᠪᠡᠨ ᠴᠠᠭ ᠤᠨ ᠲᠠᠯ᠎ᠠДөрвөн цагийн тал

ᠠᠩᠭᠢᠯᠠᠯ:ᠳᠠᠭᠤᠤ ᠬᠥᠭᠵᠢᠮ
2022-10-24

443

ᠳᠦᠷᠪᠡᠨ ᠴᠠᠭ ‍ᠤᠨ ᠲᠠᠯ᠎ᠠ


   ᠦᠭᠡ ᠄ ᠳ ᠫᠦᠷᠪᠦᠳᠣᠷᠵᠢ

   ᠠᠶ᠎ᠠ ᠄ ᠯ ᠮᠦᠷᠳᠣᠷᠵᠢ

   ᠦᠷᠢᠨᠲᠤᠶᠠᠭ᠎ᠠ  ᠳᠠᠭᠤᠯᠠᠨ᠎ᠠ

ᠢᠨᠠᠭ ‍ᠤᠨ ᠰᠠᠶ᠋ᠢᠬᠠᠨ ᠬᠠᠷᠠᠴᠠ ᠰᠢᠭ᠋

ᠢᠷᠭᠤᠢ ᠨᠢᠳᠦᠯᠡᠨ ᠮᠢᠰᠢᠶᠡᠭᠰᠡᠨ
ᠬᠠᠩᠰᠢ ‍ᠶ᠋ᠢᠨ ᠨᠣᠭᠣᠭ᠎ᠠ ᠨᠢᠷᠠᠶ᠋ᠢᠯᠠᠭᠰᠠᠨ
ᠬᠠᠪᠤᠷ ‍ᠤᠨ ᠲᠠᠯ᠎ᠠ ᠮᠢᠨᠢ ᠨᠢᠯᠬᠠᠷᠠᠨ᠎ᠠ
ᠬᠠᠩᠰᠢ ‍ᠶ᠋ᠢᠨ ᠨᠣᠭᠣᠭ᠎ᠠ ᠨᠢᠷᠠᠶ᠋ᠢᠯᠠᠭᠰᠠᠨ
ᠬᠠᠪᠤᠷ ‍ᠤᠨ ᠲᠠᠯ᠎ᠠ ᠮᠢᠨᠢ ᠨᠢᠯᠬᠠᠷᠠᠨ᠎ᠠ
ᠤᠷᠲᠤ ‍ᠶ᠋ᠢᠨ ᠰᠠᠶ᠋ᠢᠬᠠᠨ ᠳᠠᠭᠤᠤ 
ᠰᠢᠭ᠋
ᠤᠬᠠᠭᠠᠨ ᠰᠠᠨᠠᠭ᠎ᠠ ᠰᠠᠷᠠᠭᠤᠯᠰᠬᠠᠵᠤ
ᠵᠠᠭᠤᠨ ᠪᠡᠷ᠎ᠡ ᠎ᠪᠡᠷ ᠳᠤᠨᠢᠶᠠᠷᠲᠤᠭᠰᠠᠨ
ᠵᠤᠨ ‍ᠤ ᠲᠠᠯ᠎ᠠ ᠮᠢᠨᠢ ᠤᠨᠢᠶᠠᠷᠲᠤᠨ᠎ᠠ
ᠵᠠᠭᠤᠨ ᠪᠡᠷ᠎ᠡ ᠎ᠪᠡᠷ ᠳᠤᠨᠢᠶᠡᠷᠲᠤᠭᠰᠠᠨ
ᠵᠤᠨ ‍ᠤ ᠲᠠᠯ᠎ᠠ ᠮᠢᠨᠢ ᠤᠨᠢᠶᠠᠷᠲᠤᠨ᠎ᠠ

ᠨᠠᠷᠠᠨ ‍ᠤ ᠰᠠᠶ᠋ᠢᠬᠠᠨ ᠰᠠᠴᠤᠷᠠᠭ ᠰᠢᠬ
ᠨᠠᠢ᠍ᠮᠠᠨ ᠵᠦᠭ ᠲᠤ ᠎ᠪᠡᠨ ᠲᠤᠶᠠᠷᠠᠭᠤᠯᠵᠤ
ᠨᠠᠮᠢᠷᠠᠭᠰᠠᠨ ᠲᠠᠷᠢᠶ᠎ᠠ ᠱᠠᠭᠢᠭᠤᠯᠤᠭᠰᠠᠨ
ᠨᠠᠮᠤᠷ ‍ᠤᠨ ᠲᠠᠯ᠎ᠠ ᠮᠢᠨᠢ ᠰᠢᠷᠭᠠᠯᠲᠤᠨ᠎ᠠ
ᠨᠠᠮᠢᠷᠠᠭᠰᠠᠨ ᠲᠠᠷᠢᠶ᠎ᠠ ᠱᠠᠭᠢᠭᠤᠯᠤᠭᠰᠠᠨ
ᠨᠠᠮᠤᠷ ‍ᠤᠨ ᠲᠠᠯ᠎ᠠ ᠮᠢᠨᠢ ᠰᠢᠷᠭᠠᠯᠲᠤᠨ᠎ᠠ

ᠴᠠᠭᠠᠨ ᠰᠠᠶ᠋ᠢᠬᠠᠨ ᠰᠡᠳᠬᠢᠯ  ᠰᠢᠭ᠌
ᠴᠠᠰᠤᠨ ᠴᠠᠶ᠋ᠢᠳᠠᠮ ᠠᠯᠤᠰᠯᠠᠨ᠎ᠠ
ᠡᠪᠦᠷ ‍ᠦᠨ ᠢᠯᠴᠢ ᠎ᠪᠡᠷ ᠴᠠᠩᠲᠤᠭᠤᠯᠤᠭᠰᠠᠨ
ᠡᠪᠦᠯ ‍ᠦᠨ ᠲᠠᠯ᠎ᠠ ᠮᠢᠨᠢ ᠴᠠᠪ ᠴᠠᠶ᠋ᠢᠨ᠎ᠠ
ᠡᠪᠦᠷ ‍ᠦᠨ ᠢᠯᠴᠢ ᠎ᠪᠡᠷ ᠴᠠᠩᠲᠤᠭᠤᠯᠤᠭᠰᠠᠨ
ᠡᠪᠦᠯ ‍ᠦᠨ ᠲᠠᠯ᠎ᠠ ᠮᠢᠨᠢ ᠴᠠᠪ ᠴᠠᠶ᠋ᠢᠨ᠎ᠠ