ᠵᠢᠷᠦᠬᠡᠨ ᠦ᠌ ᠡᠭᠡᠰᠢᠭᠯᠡᠩ -ᠰ᠂ ᠵᠢᠪᠬᠤᠯᠠᠩ Zürkhnii egshiglen-S,JavkhlanЗүрхний эгшиглэн-С,Жавхлан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡᠨ ᠦ᠌ ᠡᠭᠡᠰᠢᠭᠯᠡᠩ -ᠰ᠂ ᠵᠢᠪᠬᠤᠯᠠᠩ Zürkhnii egshiglen-S,JavkhlanЗүрхний эгшиглэн-С,Жавхлан

ᠵᠢᠷᠦᠬᠡᠨ ᠦ᠌ ᠡᠭᠡᠰᠢᠭᠯᠡᠩ -ᠰ᠂ ᠵᠢᠪᠬᠤᠯᠠᠩ Zürkhnii egshiglen-S,JavkhlanЗүрхний эгшиглэн-С,Жавхлан

ᠠᠩᠭᠢᠯᠠᠯ:ᠳᠠᠭᠤᠤ ᠬᠥᠭᠵᠢᠮ
2025-11-29

278

ᠵᠢᠷᠦᠬᠡᠨ ᠦ᠌ ᠡᠭᠡᠰᠢᠭᠯᠡᠩ


    ᠦᠭᠡ᠄ ᠨ᠂ ᠪᠠᠶᠠᠨᠮᠥ᠋ᠩᠬᠡ 
    ᠠᠶ᠎ᠠ᠄ ᠲ᠂ ᠨᠢᠮᠠᠳᠣᠷᠵᠢ 
    ᠳᠠᠭᠤᠴᠢᠨ᠄ ᠰ᠂ ᠵᠢᠪᠬᠤᠯᠠᠩ 

ᠬᠣᠣᠰ ᠢ᠋ᠶ᠋ᠠᠷ ᠤᠷᠭᠤᠭᠰᠠᠨ ᠰᠠᠮᠪᠦᠷᠡᠦ 
ᠶᠠᠭᠠᠬᠢᠭᠰᠠᠨ ᠡᠩᠬᠦᠷᠡᠢ ᠶᠤᠮ ᠪᠣᠢ 
ᠬᠣᠩᠭᠣᠷ ᠰᠡᠳᠬᠢᠯ ᠮᠢᠨᠢ 
ᠶᠠᠮᠠᠷ ᠶᠡᠬᠡ ᠪᠡᠷ ᠤᠶᠠᠷᠠᠨ᠎ᠠ ᠪᠣᠢ 
ᠬᠠᠳᠠᠨ ᠵᠢᠷᠦᠬᠡᠨ ᠦ᠌ ᠬᠠᠢᠷ᠎ᠠ ᠪᠠᠨ 
ᠵᠡᠭᠦᠳᠦᠨ ᠳ᠋ᠦ᠍ ᠪᠡᠨ ᠬᠠᠢᠵᠤ ᠶᠠᠪᠤᠨ᠎ᠠ 
ᠬᠠᠨ ᠬᠣᠷᠸ᠎ᠠ ᠴᠢ 
ᠶᠠᠭᠠᠬᠢᠭᠰᠠᠨ ᠠᠭᠤᠳᠠᠮ ᠶᠤᠮ ᠪᠣᠢ 
ᠨᠠᠭᠤᠷ ᠤ᠋ᠨ ᠰᠢᠷᠭᠠᠯ ᠠᠩᠭᠢᠷ 
ᠶᠠᠭᠠᠬᠢᠭᠰᠠᠨ ᠠᠮᠤᠭᠤᠯᠠᠩ ᠪᠣᠢ
ᠨᠢᠭᠤᠴᠠᠬᠠᠨ ᠰᠡᠳᠬᠢᠯ ᠮᠢᠨᠢ
ᠶᠠᠮᠠᠷ ᠶᠡᠬᠡ ᠪᠡᠷ ᠳᠣᠭᠳᠣᠯᠤᠨ᠎ᠠ ᠪᠣᠢ
ᠠᠯᠳᠠᠷᠠᠢ ᠨᠠᠰᠤᠨ ᠤ᠋ ᠬᠠᠢᠷ᠎ᠠ ᠪᠠᠨ
ᠰᠡᠳᠬᠢᠯ ᠳ᠋ᠦ᠍ ᠪᠡᠨ ᠲᠡᠭᠡᠭᠡᠵᠦ ᠶᠠᠪᠤᠨ᠎ᠠ
ᠠᠮᠢᠳᠤᠷᠠᠯ ᠮᠢᠨᠢ ᠴᠢ
ᠶᠠᠭᠠᠬᠢᠭᠰᠠᠨ ᠪᠠᠶᠠᠯᠢᠭ ᠶᠤᠮ ᠪᠣᠢ

ᠰᠡᠳᠬᠢᠯ ᠳ᠋ᠦ᠍ ᠪᠡᠨ ᠪᠢ ᠴᠢᠮ᠎ᠠ ᠪᠠᠨ ᠬᠦᠯᠢᠶᠡᠭᠰᠡᠨ
ᠰᠡᠷᠡᠭᠦᠨ ᠰᠠᠷᠠᠨ ᠢ᠋ᠶ᠋ᠠᠷ ᠨᠣᠢᠷ ᠢ᠋ᠶ᠋ᠠᠨ ᠬᠤᠯᠵᠢᠶᠠᠨ ᠬᠦᠯᠢᠶᠡᠭᠰᠡᠨ
ᠤᠴᠠᠷᠠᠯ ᠵᠥᠩᠨᠡᠨ ᠪᠢ ᠴᠢᠮ᠎ᠠ ᠪᠠᠨ ᠬᠦᠯᠢᠶᠡᠭᠰᠡᠨ
ᠤᠷᠤᠰᠤᠨ ᠥᠩᠭᠡᠷᠡᠬᠦ ᠬᠣᠨᠣᠭ ᠢ᠋ ᠲᠣᠭᠠᠯᠠᠨ ᠲᠣᠭᠠᠯᠠᠨ ᠬᠦᠯᠢᠶᠡᠭᠰᠡᠨ

ᠤᠷᠢᠨ ᠬᠣᠩᠭᠣᠷ ᠰᠠᠯᠬᠢᠨ
ᠶᠠᠭᠠᠬᠢᠭᠰᠠᠨ ᠳᠤᠷ᠎ᠠ ᠪᠠᠷ ᠢ᠋ᠶ᠋ᠠᠨ ᠶᠤᠮ ᠪᠣᠢ
ᠤᠶᠠᠬᠠᠨ ᠰᠡᠳᠬᠢᠯ ᠮᠢᠨᠢ
ᠶᠠᠮᠠᠷ ᠶᠡᠬᠡ ᠪᠡᠷ ᠳᠣᠭᠳᠣᠯᠤᠨ᠎ᠠ ᠪᠣᠢ
ᠨᠠᠨᠳᠢᠨ ᠬᠠᠢᠷ᠎ᠠ ᠶ᠋ᠢᠨ ᠮᠥᠷᠥᠭᠡᠳᠦᠯ ᠢ᠋ᠶ᠋ᠡᠨ
ᠪᠣᠳᠣᠯ ᠳ᠋ᠤ᠌ ᠪᠠᠨ ᠵᠡᠭᠦᠵᠦ ᠶᠠᠪᠤᠨ᠎ᠠ
ᠨᠡᠷᠡᠲᠦ ᠣᠷᠴᠢᠯᠠᠩ ᠴᠢ
ᠶᠠᠭᠠᠬᠢᠭᠰᠠᠨ ᠭᠡᠭᠡᠨ ᠶᠦᠮ ᠪᠣᠢ

ᠰᠡᠳᠬᠢᠯ ᠳ᠋ᠦ᠍ ᠪᠡᠨ ᠪᠢ ᠴᠢᠮ᠎ᠠ ᠪᠠᠨ ᠬᠦᠯᠢᠶᠡᠭᠰᠡᠨ
ᠰᠡᠷᠡᠭᠦᠨ ᠰᠠᠷᠠᠨ ᠢ᠋ᠶ᠋ᠠᠷ ᠨᠣᠢᠷ ᠢ᠋ᠶ᠋ᠠᠨ ᠬᠤᠯᠵᠢᠶᠠᠨ ᠬᠦᠯᠢᠶᠡᠭᠰᠡᠨ
ᠤᠴᠠᠷᠠᠯ ᠵᠥᠩᠨᠡᠨ ᠪᠢ ᠴᠢᠮ᠎ᠠ ᠪᠠᠨ ᠬᠦᠯᠢᠶᠡᠭᠰᠡᠨ
ᠤᠷᠤᠰᠤᠨ ᠥᠩᠭᠡᠷᠡᠬᠦ ᠬᠣᠨᠣᠭ ᠢ᠋ ᠲᠣᠭᠠᠯᠠᠨ ᠲᠣᠭᠠᠯᠠᠨ ᠬᠦᠯᠢᠶᠡᠭᠰᠡᠨ
ᠬᠦᠯᠢᠶᠡᠭᠰᠡᠨ!

  ᠦᠰᠦᠭ ᠠᠮᠢᠯᠠᠭᠤᠯᠤᠭᠴᠢ᠄ᠬᠠᠨ ᠱᠢ ᠵᠢᠶᠦ᠋ᠨ  
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ ᠪᠠᠭᠰᠢ᠄ ᠣᠳᠬᠠᠨᠰᠣ᠎ᠠ