ᠦᠵᠡᠰᠬᠦᠯᠡᠩᠲᠦ ᠰᠠᠢᠬᠠᠨ ᠮᠢᠨᠦ ᠨᠤᠲᠤᠭ-ᠦᠷᠴᠠᠢᠬᠤÜzesgelent saikhan minii nutag-ÜrtsaikhuҮзэсгэлэнт сайхан миний нутаг-Үрцайху
ᠦᠵᠡᠰᠬᠦᠯᠡᠩᠲᠦ ᠰᠠᠢᠬᠠᠨ ᠮᠢᠨᠦ ᠨᠤᠲᠤᠭ
ᠦᠭᠡ᠄ ᠾᠦᠸᠧ ᠬᠤᠸᠠ
ᠠᠶ᠎ᠠ᠄ ᠠᠯᠲᠠᠨ᠌ᠠ᠋ᠭᠤᠯᠠ
ᠳᠠᠭᠤᠴᠢᠨ᠄ ᠦᠷᠴᠠᠢᠬᠤ
ᠦᠵᠡᠰᠬᠦᠯᠡᠩᠲᠦ ᠰᠠᠢᠬᠠᠨ ᠮᠢᠨᠦ ᠨᠤᠲᠤᠭ
ᠥᠩᠭᠡ ᠶ᠋ᠢᠨ ᠴᠡᠴᠡᠭ ᠰᠣᠯᠣᠩᠭᠠᠷᠠᠨ᠎ᠠ
ᠤᠷᠠᠨ ᠪᠣᠯᠵᠣᠮᠣᠷ ᠵᠢᠷᠭᠢᠨ ᠳᠣᠩᠭᠣᠳᠤᠭᠠᠳ
ᠤᠰᠤᠨ ᠪᠣᠯᠣᠷ ᠭᠣᠣᠯ ᠳᠣᠨᠣᠯᠵᠠᠨ᠎ᠠ
ᠠᠷᠳᠠᠭ ᠲᠠᠷᠭᠤᠨ ᠠᠳᠤᠭᠤᠳ ᠳᠠᠪᠬᠢᠯᠳᠤᠭᠠᠳ
ᠠᠰᠬᠠᠭᠰᠠᠨ ᠰᠤᠪᠤᠳ ᠰᠢᠭ᠋ ᠬᠣᠨᠢᠳ ᠪᠡᠯᠴᠢᠨ᠎ᠡ
ᠠ ᠬᠠ ᠬᠥ
ᠬᠣᠨᠢᠴᠢᠨ ᠬᠡᠦᠬᠡᠨ ᠦ᠌ ᠤᠶᠠᠩᠭᠠᠲᠤ ᠳᠠᠭᠤᠨ
ᠬᠥᠳᠡᠭᠡ ᠲᠠᠯ᠎ᠠ ᠳ᠋ᠤ᠌ ᠬᠠᠩᠭᠢᠨᠠᠨ ᠴᠤᠤᠷᠢᠶᠠᠲᠤᠨ᠎ᠠ
ᠬᠣᠨᠢᠴᠢᠨ ᠬᠡᠦᠬᠡᠨ ᠦ᠌ ᠤᠶᠠᠩᠭᠠᠲᠤ ᠳᠠᠭᠤᠨ
ᠬᠥᠳᠡᠭᠡ ᠲᠠᠯ᠎ᠠ ᠳ᠋ᠤ᠌ ᠬᠠᠩᠭᠢᠨᠠᠨ ᠴᠤᠤᠷᠢᠶᠠᠲᠤᠨ᠎ᠠ
ᠡᠪᠡᠰᠦ ᠪᠡᠯᠴᠢᠭᠡᠷ ᠲᠡᠩᠴᠡᠭᠰᠡᠨ ᠨᠤᠲᠤᠭ ᠢ᠋ᠶ᠋ᠠᠨ
ᠦᠨᠡᠨ ᠰᠡᠳᠬᠢᠯ ᠡᠴᠡ ᠪᠡᠨ ᠪᠢ ᠬᠠᠢᠷᠠᠯᠠᠨ᠎ᠠ
ᠴᠡᠯᠡᠭᠡᠷ ᠲᠠᠯ᠎ᠠ ᠰᠠᠷᠠᠭᠤᠯᠬᠠᠨ ᠲᠡᠨᠢᠢᠭᠡᠳ
ᠴᠢᠨᠳᠠᠭᠠᠨ ᠴᠠᠭᠠᠨ ᠭᠡᠷ ᠬᠠᠷᠠᠭᠳᠠᠨ᠎ᠠ
ᠬᠥᠳᠡᠭᠡ ᠨᠤᠲᠤᠭ ᠢ᠋ᠶ᠋ᠠᠨ ᠴᠣᠭᠴᠠᠯᠠᠨ ᠪᠠᠢᠭᠤᠯᠤᠭᠠᠳ
ᠬᠥᠭᠵᠢᠯᠲᠦ ᠰᠠᠢᠬᠠᠨ ᠣᠷᠣᠨ ᠪᠣᠯᠭᠠᠨ᠎ᠠ
ᠠ ᠬᠠ ᠬᠥ
ᠬᠣᠨᠢᠴᠢᠨ ᠬᠡᠦᠬᠡᠨ ᠦ᠌ ᠤᠶᠠᠩᠭᠠᠲᠤ ᠳᠠᠭᠤᠨ
ᠬᠥᠳᠡᠭᠡ ᠲᠠᠯ᠎ᠠ ᠳ᠋ᠤ᠌ ᠬᠠᠩᠭᠢᠨᠠᠨ ᠴᠤᠤᠷᠢᠶᠠᠲᠤᠨ᠎ᠠ
ᠬᠣᠨᠢᠴᠢᠨ ᠬᠡᠦᠬᠡᠨ ᠦ᠌ ᠤᠶᠠᠩᠭᠠᠲᠤ ᠳᠠᠭᠤᠨ
ᠬᠥᠳᠡᠭᠡ ᠲᠠᠯ᠎ᠠ ᠳ᠋ᠤ᠌ ᠬᠠᠩᠭᠢᠨᠠᠨ ᠴᠤᠤᠷᠢᠶᠠᠲᠤᠨ᠎ᠠ
ᠴᠤᠤᠷᠢᠶᠠᠲᠤᠨ᠎ᠠ
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
