ᠣᠷᠠᠨᠳᠥ᠋ᠰᠢ -ᠠᠩᠬᠢᠯᠤᠮ᠎ᠠUrandösh-AnkhilamУрандөш-Анхилам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠠᠨᠳᠥ᠋ᠰᠢ -ᠠᠩᠬᠢᠯᠤᠮ᠎ᠠUrandösh-AnkhilamУрандөш-Анхилам

ᠣᠷᠠᠨᠳᠥ᠋ᠰᠢ -ᠠᠩᠬᠢᠯᠤᠮ᠎ᠠUrandösh-AnkhilamУрандөш-Анхилам

ᠠᠩᠭᠢᠯᠠᠯ:ᠳᠠᠭᠤᠤ ᠬᠥᠭᠵᠢᠮ
2025-11-29

252

ᠣᠷᠠᠨᠳᠥ᠋ᠰᠢ


     ᠦᠭᠡ᠄ ᠪᠦᠦ ᠶ᠋ᠢᠨ ᠱᠠᠨ᠂ ᠬᠠᠢᠷᠬᠠᠨ 
     ᠠᠶ᠎ᠠ᠄ ᠡ᠊· ᠨᠠᠶᠠᠨᠲᠠᠢ 
     ᠳᠠᠭᠤᠴᠢᠨ᠄ ᠠᠩᠬᠢᠯᠤᠮ᠎ᠠ 

ᠥᠨᠳᠥᠷ ᠥᠨᠳᠥᠷ ᠪᠣᠯᠤᠭᠠᠳ ᠬᠠᠮᠢᠭ᠎ᠠ ᠬᠦᠷᠬᠦᠪ ᠳᠡ 
ᠦᠷᠦ ᠵᠢᠷᠦᠬᠡᠨ ᠳ᠋ᠦ᠍ ᠮᠢᠨᠢ ᠥᠨᠳᠥᠷ ᠡᠴᠡ ᠥᠨᠳᠥᠷ ᠠᠭᠤᠯᠠ ᠶᠤᠮ 
ᠥᠨᠢᠷ ᠰᠠᠢᠬᠠᠨ ᠣᠷᠳᠣᠰ ᠨᠤᠲᠤᠭ ᠲᠤ᠌ ᠪᠠᠨ 
ᠥᠨᠳᠥᠷ ᠡᠴᠡ ᠥᠨᠳᠥᠷ ᠣᠷᠭᠢᠯ ᠶᠤᠮ ᠠ᠋ ᠬᠦ 

ᠬᠠᠢᠷᠠᠲᠠᠢ ᠮᠣᠩᠭᠣᠯ ᠨᠤᠲᠤᠭ ᠮᠢᠨᠢ 
ᠬᠠᠭᠠᠨ ᠰᠠᠭᠤᠳᠠᠯ ᠲᠠᠢ ᠤᠷᠠᠨᠳᠥ᠋ᠰᠢ ᠮᠢᠨᠢ 
ᠬᠠᠷᠠᠨ ᠬᠠᠷᠠᠨ ᠶᠠᠪᠤᠬᠤ ᠳ᠋ᠤ᠌ ᠮᠢᠨᠢ 
ᠬᠠᠮᠤᠭ ᠳᠡᠭᠡᠳᠦᠰ ᠮᠢᠨᠢ ᠦᠵᠡᠭᠳᠡᠭᠡᠳ ᠪᠠᠢᠨ᠎ᠠ 

ᠥᠨᠳᠥᠷ ᠥᠨᠳᠥᠷ  ᠪᠣᠯᠤᠭᠠᠳ ᠬᠠᠮᠢᠭ᠎ᠠ ᠬᠦᠷᠬᠦᠪ ᠳᠡ
ᠦᠷᠦ ᠵᠢᠷᠦᠬᠡᠨ ᠳ᠋ᠦ᠍ ᠮᠢᠨᠢ ᠥᠨᠳᠥᠷ ᠡᠴᠡ ᠥᠨᠳᠥᠷ ᠠᠭᠤᠯᠠ ᠶᠤᠮ
ᠥᠩᠰᠢᠭ ᠰᠠᠢᠬᠠᠨ ᠣᠷᠳᠣᠰ ᠨᠤᠲᠤᠭ ᠲᠤ᠌ ᠪᠠᠨ
ᠥᠨᠳᠥᠷ ᠡᠴᠡ ᠥᠨᠳᠥᠷ ᠣᠷᠭᠢᠯ ᠶᠤᠮ ᠠ᠋ ᠬᠦ

ᠪᠤᠶᠠᠨᠲᠤ ᠮᠣᠩᠭᠣᠯ ᠨᠤᠲᠤᠭ ᠮᠢᠨᠢ ᠪᠤᠷᠬᠠᠨ 
ᠰᠠᠭᠤᠳᠠᠯ ᠲᠠᠢ ᠤᠷᠠᠨᠳᠥ᠋ᠰᠢ ᠮᠢᠨᠢ
ᠪᠠᠷᠠᠯᠠᠨ ᠪᠠᠷᠠᠯᠠᠨ ᠶᠠᠪᠤᠬᠤ ᠳ᠋ᠤ᠌ ᠮᠢᠨᠢ
ᠪᠤᠭᠤᠷᠤᠯ ᠳᠡᠭᠡᠳᠦᠰ ᠮᠢᠨᠢ ᠦᠵᠡᠭᠳᠡᠭᠡᠳ ᠪᠠᠢᠨ᠎ᠠ

ᠬᠠᠢᠷᠠᠲᠠᠢ ᠮᠣᠩᠭᠣᠯ ᠨᠤᠲᠤᠭ ᠮᠢᠨᠢ
ᠬᠠᠭᠠᠨ ᠰᠠᠭᠤᠳᠠᠯ ᠲᠠᠢ  ᠤᠷᠠᠨᠳᠥ᠋ᠰᠢ ᠮᠢᠨᠢ
ᠬᠠᠷᠠᠨ ᠬᠠᠷᠠᠨ ᠶᠠᠪᠤᠬᠤ ᠳ᠋ᠤ᠌ ᠮᠢᠨᠢ
ᠬᠠᠮᠤᠭ ᠳᠡᠭᠡᠳᠦᠰ ᠮᠢᠨᠢ ᠦᠵᠡᠭᠳᠡᠭᠡᠳ ᠪᠠᠢᠨ᠎ᠠ

ᠪᠤᠶᠠᠨᠲᠤ ᠮᠣᠩᠭᠣᠯ ᠨᠤᠲᠤᠭ ᠮᠢᠨᠢ
ᠪᠤᠷᠬᠠᠨ ᠰᠠᠭᠤᠳᠠᠯ ᠲᠠᠢ ᠤᠷᠠᠨᠳᠥ᠋ᠰᠢ ᠮᠢᠨᠢ
ᠪᠠᠷᠠᠯᠠᠨ ᠪᠠᠷᠠᠯᠠᠨ ᠶᠠᠪᠤᠬᠤ ᠳ᠋ᠤ᠌ ᠮᠢᠨᠢ
ᠪᠤᠭᠤᠷᠤᠯ ᠳᠡᠭᠡᠳᠦᠰ ᠮᠢᠨᠢ ᠦᠵᠡᠭᠳᠡᠭᠡᠳ ᠪᠠᠢᠨ᠎ᠠ
ᠪᠠᠷᠠᠯᠠᠨ ᠪᠠᠷᠠᠯᠠᠨ ᠶᠠᠪᠤᠬᠤ ᠳ᠋ᠤ᠌ ᠮᠢᠨᠢ
ᠪᠤᠭᠤᠷᠤᠯ ᠳᠡᠭᠡᠳᠦᠰ ᠮᠢᠨᠢ ᠦᠵᠡᠭᠳᠡᠭᠡᠳ ᠪᠠᠢᠨ᠎ᠠ

  ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ ᠪᠠᠭᠰᠢ᠄ ᠣᠳᠬᠠᠨᠰᠣ᠎ᠠ