ᠮᠠᠯᠴᠢᠨ ᠠᠪᠤ- ᠰᠡᠴᠡᠨМалчин аав-Цэцэн
ᠮᠠᠯᠴᠢᠨ ᠠᠪᠤ
ᠦᠭᠡ᠄ ᠵ· ᠪᠠᠭᠠᠲᠤᠷ
ᠠᠶ᠎ᠠ᠄ ᠳᠠᠪᠰᠢᠯᠳᠤ
ᠳᠠᠭᠤᠴᠢᠨ᠄ ᠰᠡᠴᠡᠨ
ᠠᠪᠤ ᠮᠢᠨᠢ ᠬᠥᠭᠡᠷᠦᠬᠦᠢ ᠮᠠᠯᠴᠢᠨ ᠬᠥᠮᠦᠨ ᠰᠠᠨ
ᠠᠭᠯᠠᠭ ᠭᠣᠪᠢ ᠶ᠋ᠢᠨ ᠬᠣᠨᠢᠴᠢᠨ ᠬᠥᠮᠦᠨ ᠰᠠᠨ
ᠠᠷᠠᠨᠰᠢᠨ ᠤ᠋ ᠰᠣᠳᠣ ᠶ᠋ᠢ ᠪᠢᠳᠡᠨ ᠳ᠋ᠦ᠍ ᠵᠢᠭᠠᠭᠰᠠᠨ
ᠠᠷᠢᠭᠤᠨ ᠴᠠᠭᠠᠨ ᠤ᠋ ᠰᠤᠪᠤᠷᠭ᠎ᠠ ᠶᠤᠮ ᠰᠠᠨ ᠠᠪᠤ ᠮᠢᠨᠢ
ᠠᠷᠠᠨᠰᠢᠨ ᠤ᠋ ᠰᠣᠳᠣ ᠶ᠋ᠢ ᠪᠢᠳᠡᠨ ᠳ᠋ᠦ᠍ ᠵᠢᠭᠠᠭᠰᠠᠨ
ᠠᠷᠢᠭᠤᠨ ᠴᠠᠭᠠᠨ ᠤ᠋ ᠰᠤᠪᠤᠷᠭ᠎ᠠ ᠶᠤᠮ ᠰᠠᠨ ᠠᠪᠤ ᠮᠢᠨᠢ᠃
ᠬᠥᠭᠡᠷᠦᠬᠦᠢ ᠠᠪᠤ ᠮᠢᠨᠢ ᠮᠠᠯᠴᠢᠨ ᠬᠥᠮᠦᠨ ᠰᠠᠨ
ᠭᠦᠯᠭᠡᠨ ᠭᠣᠪᠢ ᠶ᠋ᠢᠨ ᠬᠣᠨᠢᠴᠢᠨ ᠬᠥᠮᠦᠨ ᠰᠠᠨ
ᠬᠦᠯᠦᠭ ᠦ᠋ᠨ ᠨᠢᠷᠤᠭᠤᠨ ᠳ᠋ᠤ᠌ ᠠᠮᠢᠳᠤᠷᠠᠯ ᠡᠷᠭᠦᠭᠰᠡᠨ
ᠬᠥᠳᠡᠭᠡ ᠨᠤᠲᠤᠭ ᠤ᠋ᠨ ᠬᠡᠢᠮᠣᠷᠢ ᠶᠤᠮ ᠰᠠᠨ ᠠᠪᠤ ᠮᠢᠨᠢ
ᠬᠦᠯᠦᠭ ᠦ᠋ᠨ ᠨᠢᠷᠤᠭᠤᠨ ᠳ᠋ᠤ᠌ ᠠᠮᠢᠳᠤᠷᠠᠯ ᠡᠷᠭᠦᠭᠰᠡᠨ
ᠬᠥᠳᠡᠭᠡ ᠨᠤᠲᠤᠭ ᠤ᠋ᠨ ᠬᠡᠢᠮᠣᠷᠢ ᠶᠤᠮ ᠰᠠᠨ ᠠᠪᠤ ᠮᠢᠨᠢ᠃
ᠠ᠁
ᠡᠨᠡᠷᠢᠯᠲᠦ ᠠᠪᠤ ᠮᠢᠨᠢ ᠮᠠᠯᠴᠢᠨ ᠬᠥᠮᠦᠨ ᠰᠠᠨ
ᠡᠭᠡᠷᠡᠮ᠎ᠡ ᠲᠠᠯ᠎ᠠ ᠶ᠋ᠢᠨ ᠬᠣᠨᠢᠴᠢᠨ ᠬᠥᠮᠦᠨ ᠰᠠᠨ
ᠡᠵᠢ ᠪᠢᠳᠡ ᠬᠡᠳᠦ ᠶ᠋ᠢᠨ ᠲᠦᠰᠢᠵᠦ ᠶᠠᠪᠤᠭᠰᠠᠨ
ᠡᠷ᠎ᠡ ᠬᠥᠮᠦᠨ ᠦ᠌ ᠲᠩᠷᠢ ᠶᠦᠮ ᠰᠠᠨ ᠠᠪᠤ ᠮᠢᠨᠢ
ᠡᠵᠢ ᠪᠢᠳᠡ ᠬᠡᠳᠦ ᠶ᠋ᠢᠨ ᠲᠦᠰᠢᠵᠦ ᠶᠠᠪᠤᠭᠰᠠᠨ
ᠡᠷ᠎ᠡ ᠬᠥᠮᠦᠨ ᠦ᠌ ᠲᠩᠷᠢ ᠶᠦᠮ ᠰᠠᠨ ᠠᠪᠤ ᠮᠢᠨᠢ
ᠡᠷ᠎ᠡ ᠬᠥᠮᠦᠨ ᠦ᠌ ᠲᠩᠷᠢ ᠶᠦᠮ ᠰᠠᠨ ᠠᠪᠤ ᠮᠢᠨᠢ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
