ᠠᠮᠤᠭᠤᠯᠠᠩ -ᠣᠷᠭᠢᠯ Amgalan-OrgilАмгалан-Оргил ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠤᠭᠤᠯᠠᠩ -ᠣᠷᠭᠢᠯ Amgalan-OrgilАмгалан-Оргил

ᠠᠮᠤᠭᠤᠯᠠᠩ -ᠣᠷᠭᠢᠯ Amgalan-OrgilАмгалан-Оргил

ᠠᠩᠭᠢᠯᠠᠯ:ᠳᠠᠭᠤᠤ ᠬᠥᠭᠵᠢᠮ
2025-11-29

14618

ᠠᠮᠤᠭᠤᠯᠠᠩ

        ᠦᠭᠡ᠄ ᠲᠤᠭᠴᠢ ᠯᠤᠪᠰᠠᠩ   
        ᠠᠶ᠎ᠠ᠄ ᠲᠠᠢᠵᠢ ᠷᠢᠨᠴᠢᠨ 
        ᠳᠠᠭᠤᠴᠢᠨ᠄  ᠣᠷᠭᠢᠯ 

 ᠬᠦᠯᠦᠭ ᠲᠡᠭᠡᠨ ᠮᠣᠷᠳᠠᠭᠰᠠᠨ ᠠᠪᠤ ᠮᠢᠨᠢ ᠠᠮᠤᠭᠤᠯᠠᠩ 
 ᠦᠨᠢᠶ᠎ᠡ ᠪᠡᠨ ᠰᠠᠭᠠᠭᠰᠠᠨ ᠡᠵᠢ ᠮᠢᠨᠢ ᠠᠮᠤᠭᠤᠯᠠᠩ 
 ᠬᠦᠰᠡᠯ ᠢ᠋ᠶ᠋ᠡᠨ ᠰᠣᠷᠢᠭᠰᠠᠨ ᠬᠡᠦᠬᠡᠳ ᠮᠢᠨᠢ ᠠᠮᠤᠭᠤᠯᠠᠩ 
 ᠦᠢᠯᠡᠰ ᠢ᠋ᠶ᠋ᠡᠨ ᠱᠤᠭᠤᠭᠰᠠᠨ ᠲᠦᠮᠡᠨ ᠮᠢᠨᠢ ᠠᠮᠤᠭᠤᠯᠠᠩ 
 ᠠᠭᠢ ᠨᠢᠳᠦᠯᠡᠭᠰᠡᠨ ᠲᠠᠯ᠎ᠠ ᠮᠢᠨᠢ ᠠᠮᠤᠭᠤᠯᠠᠩ 
 ᠠᠯᠠᠭᠰᠢᠨ ᠪᠡᠯᠴᠢᠭᠰᠡᠨ ᠰᠦᠷᠦᠭ ᠮᠢᠨᠢ ᠠᠮᠤᠭᠤᠯᠠᠩ 
 ᠠᠮᠢᠳᠤᠷᠠᠯ ᠴᠠᠯᠭᠢᠭᠰᠠᠨ ᠬᠥᠳᠡᠭᠡ ᠮᠢᠨᠢ ᠠᠮᠤᠭᠤᠯᠠᠩ 
 ᠠᠮᠠᠷᠠᠭ ᠵᠠᠶᠠᠭᠠᠨ ᠤ᠋ ᠭᠣᠯᠣᠮᠲᠠ ᠮᠢᠨᠢ ᠠᠮᠤᠭᠤᠯᠠᠩ 
     ᠠᠮᠤᠭᠤᠯᠠᠩ ᠠᠮᠤᠭᠤᠯᠠᠩ 
     ᠠᠯᠢᠪᠠ ᠪᠦᠭᠦᠳᠡ ᠮᠢᠨᠢ ᠠᠮᠤᠭᠤᠯᠠᠩ
     ᠠᠮᠤᠭᠤᠯᠠᠩ ᠠᠮᠤᠭᠤᠯᠠᠩ
     ᠠᠰᠢᠳᠠ ᠰᠠᠢᠬᠠᠨ ᠠᠮᠤᠭᠤᠯᠠᠩ

 ᠨᠠᠭᠤᠷ ᠢ᠋ᠶ᠋ᠠᠨ ᠮᠠᠨᠠᠭᠰᠠᠨ ᠰᠢᠪᠠᠭᠤᠳ ᠮᠢᠨᠢ ᠠᠮᠤᠭᠤᠯᠠᠩ
 ᠨᠤᠲᠤᠭ ᠢ᠋ᠶ᠋ᠠᠨ ᠰᠠᠬᠢᠭᠰᠠᠨ  ᠤᠪᠤᠭᠠᠳ ᠮᠢᠨᠢ ᠠᠮᠤᠭᠤᠯᠠᠩ
 ᠬᠤᠷ᠎ᠠ ᠱᠠᠭᠢᠭᠰᠠᠨ  ᠪᠠᠢᠭᠠᠯᠢ ᠮᠢᠨᠢ ᠠᠮᠤᠭᠤᠯᠠᠩ
 ᠬᠣᠷᠸ᠎ᠠ ᠳ᠋ᠤ᠌ ᠪᠢᠳᠡᠨ ᠳᠠᠶᠠᠭᠠᠷ ᠢ᠋ᠶ᠋ᠠᠨ ᠠᠮᠤᠭᠤᠯᠠᠩ
     ᠠᠮᠤᠭᠤᠯᠠᠩ ᠠᠮᠤᠭᠤᠯᠠᠩ
     ᠠᠯᠢᠪᠠ ᠪᠦᠭᠦᠳᠡ ᠮᠢᠨᠢ ᠠᠮᠤᠭᠤᠯᠠᠩ
     ᠠᠮᠤᠭᠤᠯᠠᠩ ᠠᠮᠤᠭᠤᠯᠠᠩ 
     ᠠᠰᠢᠳᠠ ᠰᠠᠢᠬᠠᠨ ᠠᠮᠤᠭᠤᠯᠠᠩ

        ᠦᠰᠦᠭ ᠠᠮᠢᠯᠠᠭᠤᠯᠤᠭᠴᠢ᠄ ᠲᠤᠭᠴᠢ ᠯᠤᠪᠰᠠᠩ
        ᠦᠰᠦᠭ ᠬᠠᠳᠠᠭᠴᠢ᠄ ᠪᠠᠢ ᠰᠠᠷᠠᠨ᠎ᠠ
        ᠬᠢᠨᠠᠭᠴᠢ ᠪᠠᠭᠰᠢ᠄ ᠲᠤᠭᠴᠢ ᠯᠤᠪᠰᠠᠩ