ᠠᠷᠪᠠᠰ ᠤ᠋ᠨ ᠴᠠᠭᠠᠨ ᠢᠮᠠᠭ᠎ᠠ - ᠮ•ᡀᠠᠰᠥ᠋ᠷᠦᠩArvasyn tsagaan yamaa-M•LkhasürenАрвасын цагаан ямаа-М•Лхасүрэн
ᠠᠷᠪᠠᠰ ᠤ᠋ᠨ ᠴᠠᠭᠠᠨ ᠢᠮᠠᠭ᠎ᠠ
ᠦᠭᠡ᠄ ᠬᠠᠢᠷᠬᠠᠨ ᠮ• ᡀᠠᠰᠥ᠋ᠷᠦᠩ
ᠠᠶ᠎ᠠ᠄ ᠭᠠᠪᠢᠶᠠᠲᠤ
ᠮ• ᡀᠠᠰᠥ᠋ᠷᠦᠩ ᠳᠠᠭᠤᠯᠠᠨ᠎ᠠ
ᠠᠷᠪᠠᠰ ᠤ᠋ᠨ ᠠᠭᠤᠯᠠᠨ ᠤ᠋ ᠴᠠᠭᠠᠨ ᠢᠮᠠᠭ᠎ᠠ
ᠠᠯᠲᠠᠨ ᠳᠡᠯᠡᠬᠡᠢ ᠳ᠋ᠦ᠍ ᠨᠡᠷᠡᠲᠡᠢ ᠢᠮᠠᠭ᠎ᠠ
ᠠᠪᠤ ᠳᠡᠭᠡᠳᠦᠰ ᠡᠴᠡ ᠥᠮᠴᠢᠯᠡᠵᠦ ᠮᠠᠯᠯᠠᠭᠰᠠᠨ
ᠠᠮᠢᠨ ᠲᠡᠵᠢᠭᠡᠯ ᠦ᠋ᠨ ᠡᠷᠳᠡᠨᠢ ᠪᠢᠯᠡ
ᠳᠥᠰᠢ ᠠᠭᠤᠯᠠᠨ ᠤ᠋ ᠴᠠᠭᠠᠨ ᠢᠮᠠᠭ᠎ᠠ
ᠲᠣᠷᠭᠠᠨ ᠵᠥᠭᠡᠯᠡᠨ ᠨᠣᠣᠰᠣ ᠲᠠᠢ ᠢᠮᠠᠭ᠎ᠠ
ᠤᠳᠤᠮᠲᠤ ᠮᠣᠩᠭᠣᠯ ᠤ᠋ᠨ ᠲᠠᠪᠤᠨ ᠬᠣᠰᠢᠭᠤ ᠮᠠᠯ
ᠣᠷᠳᠣᠰ ᠲᠦᠮᠡᠨ ᠦ᠌ ᠪᠤᠶᠠᠨ ᠪᠢᠯᠡ
ᠠᠷᠵᠠᠢ ᠠᠭᠤᠯᠠᠨ ᠤ᠋ ᠴᠠᠭᠠᠨ ᠢᠮᠠᠭ᠎ᠠ
ᠷᠠᠰᠢᠶᠠᠨ ᠪᠤᠯᠠᠭ ᠤ᠋ᠨ ᠤᠮᠳᠠ ᠲᠠᠢ ᠢᠮᠠᠭ᠎ᠠ
ᠠᠷᠭᠠᠯᠢ ᠤᠭᠠᠯᠵᠠ ᠲᠠᠢ ᠪᠡᠯᠴᠢᠭᠡᠷ ᠨᠡᠢᠯᠡᠭᠡᠳ
ᠨᠤᠲᠤᠭ ᠢ᠋ ᠮᠢᠨᠢ ᠴᠢᠮᠡᠭᠰᠡᠨ ᠰᠤᠪᠤᠳ ᠪᠢᠯᠡ
ᠠᠷᠭᠠᠯᠢ ᠤᠭᠠᠯᠵᠠ ᠲᠠᠢ ᠪᠡᠯᠴᠢᠭᠡᠷ ᠨᠡᠢᠯᠡᠭᠡᠳ
ᠨᠤᠲᠤᠭ ᠢ᠋ ᠮᠢᠨᠢ ᠴᠢᠮᠡᠭᠰᠡᠨ ᠰᠤᠪᠤᠳ ᠪᠢᠯᠡ ᠁
ᠦᠰᠦᠭ ᠠᠮᠢᠯᠠᠭᠤᠯᠤᠭᠴᠢ᠄ ᠤᠤᠭᠠᠨᠵᠢᠳ
ᠦᠰᠦᠭ ᠬᠠᠲᠠᠭᠴᠢ᠄ ᠡᠩᠬᠡᠨᠠᠰᠤᠨ
ᠬᠢᠨᠠᠭᠴᠢ᠄ ᠤᠤᠭᠠᠨᠵᠢᠳ
