ᠴᠦᠨ ᠮᠧᠢ -ᠴᠠᠭᠠᠨᠪᠠᠷᠰTsün myei-TsagaanbarЦүн мей-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠦᠨ ᠮᠧᠢ -ᠴᠠᠭᠠᠨᠪᠠᠷᠰTsün myei-TsagaanbarЦүн мей-Цагаанбар

ᠴᠦᠨ ᠮᠧᠢ -ᠴᠠᠭᠠᠨᠪᠠᠷᠰTsün myei-TsagaanbarЦүн мей-Цагаанбар

2025-11-28

243

ᠴᠦᠨ ᠮᠧᠢ

  ᠬᠣᠷᠴᠢᠨ ᠠᠷᠠᠳ ᠤ᠋ᠨ ᠳᠠᠭᠤᠤ
      ᠴᠠᠭᠠᠨᠪᠠᠷᠰ ᠳᠠᠭᠤᠯᠠᠪᠠ

ᠮᠠᠨᠳᠤᠭᠠᠳ ᠭᠠᠷᠬᠤ ᠨᠠᠷᠠ ᠶᠤᠮ ᠠ᠋᠂ ᠠ ᠴᠦᠨ ᠮᠧᠢ
ᠮᠠᠩᠬᠠᠨ ᠤ᠋ ᠳᠡᠭᠡᠷ᠎ᠡ ᠪᠡᠨ ᠳ᠋ᠧᠩᠯᠦ ᠶᠠ ᠬᠦᠢ
ᠮᠠᠨ ᠤ᠋ ᠰᠢᠦ ᠥᠬᠢᠨ ᠠ᠋ ᠴᠦᠨ ᠮᠧᠢ ᠬᠡᠦᠬᠡᠨ ᠮᠢᠨᠢ
ᠮᠥᠷᠭᠥᠭᠦᠯᠦᠭᠰᠡᠨ ᠭᠠᠵᠠᠷ ᠢ᠋ᠶ᠋ᠠᠨ ᠳ᠋ᠧᠩᠯᠦ ᠰᠢᠦ ᠬᠦᠢ

ᠤᠯᠠᠢᠭᠠᠳ ᠯᠠ ᠭᠠᠷᠬᠤ ᠨᠠᠷᠠ ᠯᠠ ᠶᠤᠮ ᠠ᠋᠂ ᠠ ᠴᠦᠨ ᠮᠧᠢ
ᠠᠭᠤᠯᠠᠨ ᠳᠡᠭᠡᠷ᠎ᠡ ᠪᠡᠨ ᠳ᠋ᠧᠩᠯᠦ ᠶᠠ ᠬᠦᠢ
ᠤᠷᠠᠯᠢᠭ ᠬᠡᠦᠬᠡᠨ᠂ ᠴᠦᠨ ᠮᠧᠢ ᠠᠩᠭ᠎ᠠ ᠮᠢᠨᠢ
ᠤᠴᠠᠷᠠᠭᠰᠠᠨ ᠭᠠᠵᠠᠷ ᠢ᠋ᠶ᠋ᠠᠨ ᠳ᠋ᠧᠩᠯᠦ ᠶᠠ ᠬᠦᠢ

ᠪᠤᠲᠠᠷᠠᠭᠠᠳ ᠤᠨᠠᠬᠤ ᠠ᠋ᠴᠠ ᠨᠢᠯᠪᠤᠰᠤ ᠶ᠋ᠢ ᠴᠢᠨᠢ ᠂ ᠠ ᠴᠦᠨ ᠮᠧᠢ
ᠮᠥᠮᠥ ᠨᠢ ᠶᠠᠭᠠᠬᠢᠵᠤ ᠴᠤ᠌ ᠬᠣᠷᠢᠭᠯᠠᠶ᠎ᠠ ᠳᠠ ᠬᠦᠢ
ᠪᠤᠲᠠᠷᠠᠭᠠᠳ ᠤᠨᠠᠬᠤ ᠭᠡᠵᠢᠭᠡ ᠶ᠋ᠢ ᠴᠢᠨᠢ ᠂ ᠠ ᠴᠦᠨ ᠮᠧᠢ
ᠪᠣᠭᠣᠯᠲᠠ ᠪᠣᠯᠣᠳ ᠤᠭ ᠢ᠋ᠶ᠋ᠠᠷ ᠨᠢ ᠳᠠᠷᠤᠭᠤᠯᠤᠨ᠎ᠠ ᠬᠦᠢ

ᠰᠠᠯᠤᠭᠠᠳ ᠤᠨᠠᠬᠤ ᠠ᠋ᠴᠠ ᠭᠡᠵᠢᠭᠡ ᠶ᠋ᠢ ᠴᠢᠨᠢ ᠂ ᠠ ᠴᠦᠨ ᠮᠧᠢ
ᠰᠠᠮ ᠪᠣᠯᠤᠨ ᠱᠦᠭᠦᠷ ᠢ᠋ᠶ᠋ᠡᠷ ᠢ᠋ᠶ᠋ᠡᠨ ᠲᠣᠭᠲᠠᠭᠠᠶ᠎ᠠ ᠬᠦᠢ
ᠰᠠᠨᠳᠠᠷᠠᠭᠠᠳ ᠤᠨᠠᠬᠤ ᠠ᠋ᠴᠠ ᠨᠢᠯᠪᠤᠰᠤ ᠶ᠋ᠢ ᠴᠢᠨᠢ ᠠ ᠴᠦᠨ ᠮᠧᠢ
ᠮᠥᠮᠥ ᠨᠢ ᠶᠠᠭᠠᠬᠢᠵᠤ ᠴᠤ᠌ ᠬᠣᠷᠢᠭᠯᠠᠶ᠎ᠠ ᠳᠠ ᠬᠦᠢ

ᠠᠯᠲᠠ ᠮᠥᠩᠭᠥ ᠲᠡᠢ ᠠᠪᠤ ᠮᠥᠮᠥ ᠪᠣᠯᠤᠶ᠎ᠠ ᠳᠠ
ᠠᠷᠪᠠ ᠯᠠ(ᠠᠷᠪᠠᠨ ᠬᠤᠪᠢ ᠪᠠᠷ) ᠬᠠᠮᠵᠢᠭᠠᠳ ᠥᠭᠬᠦ ᠦᠭᠡᠢ ᠤᠤ ᠶᠠ ᠬᠦᠢ
ᠠᠯᠲᠠ ᠮᠥᠩᠭᠥ ᠨᠢ ᠬᠦᠢ ᠦᠭᠡᠢ ᠯᠠᠢ ᠪᠣᠯᠬᠤ ᠳ᠋ᠤ᠌ ᠪᠠᠨ
ᠠᠪᠳᠠᠷ᠎ᠠ ᠬᠣᠷᠭᠣ ᠨᠢ ᠳᠠᠭᠠᠭᠠᠯ᠎ᠠ   ᠶᠠ ᠬᠦᠢ

ᠡᠳ᠋ ᠮᠥᠩᠭᠥ ᠲᠡᠢ ᠡᠮᠧ ᠠᠪᠤ ᠪᠣᠯᠤᠶ᠎ᠠ ᠳᠠ
ᠶᠢᠰᠦ ᠪᠡᠷ (ᠶᠢᠰᠦᠨ ᠬᠤᠪᠢ ᠪᠠᠷ)ᠬᠠᠮᠵᠢᠭᠠᠳ ᠥᠭᠬᠦ ᠦᠭᠡᠢ ᠤᠤ ᠳᠠ ᠬᠦᠢ
ᠡᠳ᠋ ᠮᠥᠩᠭᠥ᠂ ᠡᠮᠧ ᠪᠣᠯᠣᠳ ᠠᠪᠤ ᠳ᠋ᠤ᠌ ᠴᠢᠨᠢ ᠪᠠᠢᠨ᠎ᠠ ᠤᠤ ᠳᠠ
ᠡᠮᠦᠰᠬᠦ ᠪᠡᠯᠡᠭ ᠢ᠋ ᠨᠢ ᠳᠠᠭᠠᠭᠠᠯ᠎ᠠ ᠶᠠ ᠬᠦᠢ

  ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ᠂
  ᠬᠢᠨᠠᠭᠴᠢ ᠄ᠢᠷᠡᠭᠡᠳᠦᠢ