《ᠮᠣᠩᠭᠣᠯ ᠤ᠋ᠨ ᠨᠢᠭᠤᠴᠠ ᠲᠣᠪᠴᠢᠶᠠᠨ》ᠬᠤᠶᠠᠳᠤᠭᠠᠷ ᠪᠦᠯᠦᠭ - ᠴᠢᠩᠭᠢᠰ ᠦᠨ ᠢᠳᠡᠷ ᠨᠠᠰᠤЧингисийн идэр нас
ᠴᠢᠩᠭᠢᠰ ᠦ᠋ᠨ ᠢᠳᠡᠷ ᠨᠠᠰᠤ
69᠂ ᠮᠦᠩᠯᠢᠭ᠂ ᠶᠢᠰᠦᠭᠡᠢ ᠪᠠᠭᠠᠲᠤᠷ ᠤ᠋ᠨ ᠦᠭᠡ ᠶ᠋ᠢ ᠳᠠᠭᠠᠵᠤ᠂ ᠳ᠋ᠠᠢ ᠰᠡᠴᠡᠨ ᠳ᠋ᠦ᠍ ᠣᠴᠢᠭᠠᠳ ᠥᠭᠦᠯᠡᠷᠦᠨ᠄ 《ᠶᠢᠰᠦᠭᠡᠢ ᠠᠬ᠎ᠠ᠂ ᠲᠡᠮᠦᠵᠢᠨ ᠢ᠋ ᠮᠠᠰᠢ ᠶᠡᠬᠡ ᠮᠥᠷᠥᠭᠡᠳᠴᠦ ᠥᠷᠥᠪᠳᠦᠬᠦ ᠲᠤᠯᠠ ᠲᠡᠮᠦᠵᠢᠨ ᠢ᠋ ᠠᠪᠬᠤ ᠪᠠᠷ ᠢᠷᠡᠪᠡ》ᠭᠡᠪᠡᠯ᠂ ᠳ᠋ᠠᠢ ᠰᠡᠴᠡᠨ ᠥᠭᠦᠯᠡᠷᠦᠨ᠄ 《ᠬᠣᠲᠠ ᠬᠥᠪᠡᠭᠦᠨ ᠢ᠋ᠶ᠋ᠡᠨ ᠮᠥᠷᠥᠭᠡᠳᠬᠦ ᠪᠥᠭᠡᠰᠦ ᠶᠠᠪᠤᠭᠤᠯᠤᠶ᠎ᠠ᠂ ᠬᠠᠷᠢᠨ ᠤᠳᠠᠯ ᠦᠭᠡᠢ ᠭᠡᠳᠡᠷᠭᠦ ᠢᠷᠡᠭᠦᠯᠬᠦ ᠬᠡᠷᠡᠭᠲᠡᠢ》ᠭᠡᠪᠡ᠃ ᠡᠨᠡ ᠦᠭᠡ ᠶ᠋ᠢ ᠰᠣᠨᠣᠰᠴᠤ ᠮᠦᠩᠯᠢᠭ ᠡᠴᠢᠭᠡ᠂ ᠲᠡᠮᠦᠵᠢᠨ ᠢ᠋ ᠠᠪᠴᠤ ᠢᠷᠡᠪᠡ᠃ ᠶᠢᠰᠦᠭᠡᠢ ᠪᠠᠭᠠᠲᠤᠷ ᠲᠡᠭᠷᠢ ᠪᠣᠯᠤᠭᠰᠠᠨ ᠳ᠋ᠤ᠌ ᠲᠡᠮᠦᠵᠢᠨ᠂ ᠭᠠᠵᠠᠷ ᠲᠤ᠌ ᠤᠷᠤᠭᠤ ᠤᠨᠠᠨ ᠬᠡᠪᠲᠡᠵᠦ ᠮᠠᠰᠢ ᠭᠠᠰᠠᠯᠠᠬᠣ ᠳ᠋ᠤ᠌ ᠬᠣᠩᠬᠣᠳᠠᠨ ᠤ᠋ ᠴᠢᠷᠬ᠎ᠠ ᠲᠡᠭᠦᠨ ᠢ᠋ ᠰᠡᠷᠭᠦᠭᠡᠨ ᠢᠳᠬᠠᠵᠤ ᠥᠭᠦᠯᠡᠭᠰᠡᠨ ᠨᠢ᠄ 《ᠲᠤᠯᠠ ᠵᠢᠭᠠᠰᠤ ᠮᠡᠲᠦ ᠶᠠᠭᠤᠨ ᠳ᠋ᠤ᠌ ᠳᠤᠯᠪᠠᠷᠢᠨ ᠭᠠᠰᠠᠯᠤᠨ᠎ᠠ ᠴᠢ? ᠲᠤᠭᠤᠷᠭ᠎ᠠ ᠴᠡᠷᠢᠭ (ᠳᠣᠷᠭᠣᠨ ᠴᠡᠷᠢᠭ) ᠢ᠋ᠶ᠋ᠡᠨ ᠪᠡᠬᠢᠯᠡᠶᠡ ᠭᠡᠵᠦ ᠲᠤᠢᠯ ᠲᠠᠢ ᠦᠭᠡ ᠪᠡᠨ ᠬᠡᠯᠡᠯᠴᠡᠭᠰᠡᠨ ᠪᠢᠰᠢ ᠪᠢᠯᠢᠤ ᠤᠰᠤᠨ ᠤ᠋ ᠵᠢᠭᠠᠰᠤ ᠮᠡᠲᠦ ᠶᠠᠭᠤᠨ ᠳ᠋ᠤ᠌ ; ᠤᠶᠠᠷᠠᠨ ᠭᠠᠰᠠᠯᠤᠨ᠎ᠠ ᠴᠢ? ᠤᠯᠤᠰ ᠲᠥᠷᠥ ᠪᠡᠨ ᠪᠠᠢᠭᠤᠯᠤᠶ᠎ᠠ ᠭᠡᠵᠦ ᠤᠴᠢᠷᠲᠠᠢ ᠦᠭᠡ ᠪᠡᠨ ᠬᠡᠯᠡᠯᠴᠡᠭᠰᠡᠨ ᠪᠢᠰᠢ ᠪᠢᠯᠢᠤ?》ᠭᠡᠵᠦ ᠥᠭᠦᠯᠡᠪᠡᠯ ᠤᠬᠢᠯᠠᠬᠤ ᠪᠠᠨ ᠵᠣᠭᠰᠣᠭᠰᠠᠨ ᠠᠵᠢ᠃ᠥᠭᠦᠯᠡᠭᠰᠡᠨ
70᠂ ᠲᠡᠷᠡ ᠬᠠᠪᠤᠷ ᠠᠮᠪᠠᠭᠠᠢ ᠬᠠᠭᠠᠨ ᠤ᠋ ᠬᠠᠲᠤᠨ ᠤᠷᠪᠠᠢ ᠰᠣᠬᠠᠳᠠᠢ ᠬᠣᠶᠠᠷ ᠶᠡᠬᠡᠰ ᠦ᠋ᠨ ᠭᠠᠵᠠᠷ (ᠡᠪᠦᠭᠡᠳ ᠦ᠋ᠨ ᠬᠡᠭᠦᠷ ᠣᠷᠣᠰᠢᠭᠤᠯᠬᠤ ᠭᠠᠵᠠᠷ) ᠳᠠᠢᠯᠭ᠎ᠠ ᠶ᠋ᠢᠨ ᠢᠳᠡᠭᠡ ᠡᠷᠭᠦᠬᠦ ᠳ᠋ᠦ᠍ ᠥᠭᠡᠯᠦᠨ ᠥᠵᠢᠨ ᠬᠣᠵᠢᠳᠠᠵᠤ ᠣᠴᠢᠭᠰᠠᠨ ᠲᠤᠯᠠ ᠳᠠᠢᠯᠭ᠎ᠠ ᠶ᠋ᠢᠨ ᠢᠳᠡᠭᠡᠨ ᠦ᠌ ᠬᠤᠪᠢᠶᠠᠷᠢ ᠠ᠋ᠴᠠ ᠬᠣᠴᠣᠷᠤᠭᠳᠠᠪᠠ᠃ ᠤᠷᠪᠠᠢ ᠰᠣᠬᠠᠳᠠᠢ ᠬᠣᠶᠠᠷ ᠲᠤ᠌ ᠥᠭᠡᠯᠦᠨ ᠥᠵᠢᠨ ᠥᠭᠦᠯᠡᠷᠦᠨ᠄ 《ᠶᠢᠰᠦᠭᠡᠢ ᠪᠠᠭᠠᠲᠤᠷ ᠢ᠋ ᠦᠬᠦᠪᠡ ᠭᠡᠵᠦ᠂ ᠬᠥᠪᠡᠭᠦᠨ ᠢ᠋ ᠮᠢᠨᠢ ᠪᠠᠯᠴᠢᠷ ᠭᠡᠵᠦ᠂ ᠶᠡᠬᠡᠰ ᠦ᠋ᠨ ᠳᠠᠢᠯᠭ᠎ᠠ ᠶ᠋ᠢᠨ ᠬᠡᠰᠢᠭ ᠦ᠋ᠨ ᠠᠷᠢᠬᠢ ᠰᠠᠷᠬᠤᠳ ᠠ᠋ᠴᠠ ᠶᠠᠭᠠᠬᠢᠨ ᠬᠣᠵᠢᠳᠣᠭᠣᠯᠪᠠ᠂ ᠲᠠ? ᠨᠢᠳᠦ ᠦᠵᠡᠭᠰᠡᠭᠡᠷ ᠦᠯᠦ ᠥᠭᠬᠦ᠂ ᠨᠡᠭᠦᠬᠦ ᠳ᠋ᠡᠭᠡᠨ ᠦᠯᠦ ᠬᠡᠯᠡᠬᠦ ᠪᠣᠯᠪᠠ᠂ ᠲᠠ》ᠭᠡᠵᠡᠢ᠃
71᠂ ᠲᠡᠷᠡ ᠦᠭᠡᠨ ᠳ᠋ᠦ᠍ ᠤᠷᠪᠠᠢ ᠰᠣᠬᠠᠳᠠᠢ ᠬᠣᠶᠠᠷ ᠬᠠᠲᠤᠨ ᠬᠠᠷᠢᠭᠤ ᠥᠭᠦᠯᠡᠷᠦᠨ᠄ 《ᠤᠷᠢᠵᠤ ᠴᠢᠮᠠᠲᠤ ᠥᠭᠬᠦ ᠶᠣᠰᠣ ᠦᠭᠡᠢ ᠤᠴᠠᠷᠠᠪᠠᠯ ᠴᠢ ᠢᠳᠡᠬᠦ ᠶᠣᠰᠣᠲᠠᠢ! ᠬᠦᠷᠭᠡᠵᠦ ᠴᠢᠮᠠᠲᠤ ᠥᠭᠬᠦ ᠶᠣᠰᠣ ᠦᠭᠡᠢ ᠬᠦᠷᠲᠡᠪᠡᠯ ᠴᠢ ᠢᠳᠡᠬᠦ ᠶᠣᠰᠣᠲᠠᠢ! ᠠᠮᠪᠠᠭᠠᠢ ᠬᠠᠭᠠᠨ ᠦᠬᠦᠭᠡᠳ᠂ ᠥᠭᠡᠯᠦᠨ ᠳ᠋ᠦ᠍ ᠡᠢᠨᠬᠦ ᠬᠡᠯᠡᠭᠳᠡᠬᠦ ᠪᠣᠯᠪᠠ᠃》
72᠂ 《ᠠᠷᠭᠠᠴᠠᠭᠠᠨ ᠡᠳᠡᠨ ᠦ᠌ ᠡᠬᠡ ᠬᠥᠪᠡᠭᠦᠨ ᠢ᠋ ᠨᠤᠲᠤᠭ ᠲᠤ᠌ ᠣᠷᠬᠢᠵᠤ ᠨᠡᠭᠦᠶ᠎ᠡ᠂ ᠪᠦᠦ ᠠᠪᠴᠤ ᠶᠠᠪᠤᠶ᠎ᠠ》ᠭᠡᠪᠡ᠃ ᠲᠡᠭᠦᠨ ᠦ᠌ ᠮᠠᠷᠭᠠᠰᠢ ᠲᠠᠢᠴᠢᠭᠤᠳ ᠤ᠋ᠨ ᠲᠠᠷᠭᠤᠲᠠᠢ ᠬᠢᠷᠢᠯᠳᠣᠭ᠂ ᠲᠣᠳᠣᠬᠢᠨ ᠬᠢᠷᠳᠠ ᠨᠠᠷ ᠤᠨᠤᠨ ᠮᠥᠷᠡᠨ ᠤᠷᠤᠭᠤ ᠬᠥᠳᠡᠯᠪᠡ᠃ ᠥᠭᠡᠯᠦᠨ ᠦᠵᠢᠨ᠂ ᠬᠥᠪᠡᠭᠦᠳ ᠦ᠋ᠨ ᠬᠠᠮᠲᠤ ᠣᠷᠬᠢᠭᠳᠠᠬᠤ ᠳ᠋ᠤ᠌ ᠬᠣᠩᠬᠣᠳᠠᠨ ᠤ᠋ ᠴᠢᠷᠬ᠎ᠠ ᠡᠪᠦᠭᠡᠨ ᠨᠡᠭᠦᠵᠦ ᠣᠳᠤᠭᠰᠠᠨ ᠢ᠋ ᠣᠴᠢᠵᠤ ᠢᠳᠬᠠᠪᠠᠯ ᠲᠣᠳᠣᠬᠢᠨ ᠬᠢᠷᠳᠠ᠂ 《ᠴᠡᠭᠡᠯ ᠦ᠋ᠨ ᠤᠰᠤ ᠰᠢᠷᠭᠢᠪᠡ ᠴᠡᠭᠡᠨ ᠴᠢᠯᠠᠭᠤ ᠬᠠᠭᠠᠷᠠᠪᠠ》ᠭᠡᠳ ᠴᠢᠷᠬ᠎ᠠ ᠡᠪᠦᠭᠡᠨ ᠦ᠌ ᠦᠭᠡ ᠶ᠋ᠢ ᠬᠠᠢᠬᠤᠷᠬᠤ ᠦᠭᠡᠢ᠂ ᠴᠠᠰᠢ ᠨᠡᠭᠦᠵᠦ 《ᠴᠢ ᠢᠩᠭᠢᠵᠦ ᠢᠳᠬᠠᠬᠤ ᠪᠤᠶᠤ》ᠭᠡᠵᠦ ᠲᠡᠷᠡ ᠡᠪᠦᠭᠡᠨ ᠢ᠋ ᠵᠣ ᠨᠢᠷᠤᠭᠤ ᠶ᠋ᠢ ᠵᠢᠳᠠᠯᠠᠨ ᠬᠥᠭᠡᠭᠡᠪᠡ᠃
73᠂ ᠴᠢᠷᠬ᠎ᠠ ᠡᠪᠦᠭᠡᠨ ᠰᠢᠷᠬ᠎ᠠ ᠲᠠᠢ ᠪᠣᠯᠵᠤ ᠭᠡᠷ ᠲᠡᠭᠡᠨ ᠢᠷᠡᠭᠡᠳ ᠵᠣᠪᠠᠭᠤᠷᠢᠯᠠᠨ ᠬᠡᠪᠲᠡᠬᠦ ᠳ᠋ᠦ᠍ ᠲᠡᠮᠦᠵᠢᠨ ᠦᠵᠡᠬᠦ ᠪᠡᠷ ᠣᠳᠪᠠ᠃ ᠬᠣᠩᠬᠣᠲᠠᠨ ᠤ᠋ ᠴᠢᠷᠬ᠎ᠠ ᠡᠪᠦᠭᠡᠨ ᠲᠡᠮᠦᠵᠢᠨ ᠳ᠋ᠦ᠍ ᠥᠭᠦᠯᠡᠷᠦᠨ᠄ 《ᠰᠠᠢᠨ ᠡᠴᠢᠭᠡ ᠶ᠋ᠢᠨ ᠴᠢᠨᠢ ᠬᠤᠷᠢᠶᠠᠭᠰᠠᠨ ᠤᠯᠤᠰ ᠲᠠᠷᠠᠵᠤ ᠨᠡᠭᠦᠬᠦ ᠳ᠋ᠦ᠍ ᠢᠳᠬᠠᠬᠤ ᠪᠠᠷ ᠶᠠᠪᠤᠭᠠᠳ ᠡᠢᠨᠬᠦ ᠵᠢᠳᠠᠯᠠᠭᠳᠠᠪᠠ》ᠭᠡᠪᠡᠯ ᠲᠡᠮᠦᠵᠢᠨ ᠤᠬᠢᠯᠠᠵᠤ ᠭᠠᠷᠪᠠ᠃ ᠥᠭᠡᠯᠦᠨ ᠦᠵᠢᠨ ᠥᠪᠡᠷ ᠦ᠋ᠨ ᠪᠡᠶ᠎ᠡ ᠪᠡᠷ ᠲᠤᠭ ᠪᠠᠷᠢᠵᠤ ᠮᠣᠷᠳᠠᠭᠠᠳ᠂ ᠣᠷᠬᠢᠵᠤ ᠨᠡᠭᠦᠭᠰᠡᠨ ᠢᠷᠭᠡᠳ ᠦ᠋ᠨ ᠵᠠᠷᠢᠮ ᠢ᠋ ᠪᠤᠴᠠᠭᠠᠵᠤ ᠠᠪᠴᠢᠷᠠᠪᠠ᠃ ᠭᠡᠪᠡᠴᠦ᠂ ᠪᠤᠴᠠᠵᠤ ᠢᠷᠡᠭᠰᠡᠨ ᠢᠷᠭᠡᠳ ᠪᠠᠰᠠ ᠲᠣᠭᠲᠠᠭᠰᠠᠨ ᠦᠭᠡᠢ᠂ ᠲᠠᠢᠴᠢᠭᠤᠳ ᠤ᠋ᠨ ᠬᠣᠢᠨ᠎ᠠ ᠠ᠋ᠴᠠ ᠨᠡᠭᠦᠵᠡᠢ᠃
74᠂ ᠡᠢᠨᠬᠦ ᠲᠠᠢᠴᠢᠭᠤᠳ ᠠᠬ᠎ᠠ ᠳᠡᠭᠦᠦ ᠨᠠᠷ ᠪᠡᠯᠪᠡᠰᠦᠨ ᠥᠭᠡᠯᠦᠨ ᠦᠵᠢᠨ ᠢ᠋ ᠪᠢᠴᠢᠬᠠᠨ ᠬᠥᠪᠡᠭᠦᠳ ᠦ᠋ᠨ ᠬᠠᠮᠲᠤ ᠨᠤᠲᠤᠭ ᠲᠤ᠌ ᠭᠡᠭᠡᠵᠦ ᠨᠡᠭᠦᠭᠰᠡᠨ ᠠᠵᠠᠢ᠃ ᠣᠶᠤᠨᠲᠠᠢ ᠲᠥᠷᠥᠭᠰᠡᠨ ᠥᠭᠡᠯᠦᠨ ᠡᠬᠡ ᠣᠶᠣᠳᠠᠯᠲᠤ ᠳᠡᠪᠡᠯ ᠢ᠋ ᠣᠭᠰᠢᠭᠤᠯᠤᠨ ᠡᠮᠦᠰᠴᠦ ᠣᠭᠳᠣᠷ ᠬᠣᠷᠮᠣᠢ ᠶ᠋ᠢ ᠰᠢᠭᠤᠨ ᠪᠦᠰᠡᠯᠡᠵᠦ ᠤᠨᠤᠨ ᠮᠥᠷᠡᠨ ᠢ᠋ ᠥᠭᠰᠥᠵᠦ ᠤᠷᠤᠭᠤᠳᠠᠵᠤ ᠣᠯᠢᠷᠰᠣ ᠮᠣᠢᠯ ᠢ᠋ ᠲᠡᠭᠦᠵᠦ ᠶᠠᠪᠤᠵᠤ ᠥᠴᠦᠬᠡᠨ ᠬᠥᠪᠡᠭᠦᠳ ᠢ᠋ᠶ᠋ᠡᠨ ᠬᠠᠢᠷᠠᠯᠠᠨ ᠲᠡᠵᠢᠭᠡᠵᠦ ᠡᠳᠦᠷ ᠰᠥᠨᠢ ᠶ᠋ᠢ ᠠᠷᠭᠠᠴᠠᠨ ᠥᠩᠭᠡᠷᠡᠭᠦᠯᠪᠡ᠂ ᠴᠢᠳᠠᠯ ᠲᠠᠢ ᠲᠥᠷᠥᠭᠰᠡᠨ ᠦᠵᠢᠨ ᠡᠬᠡ ᠴᠠᠷᠠᠰᠤᠨ ᠱᠣᠷᠣ ᠶ᠋ᠢ ᠪᠠᠷᠢᠨ ᠶᠠᠪᠤᠵᠤ ᠴᠠᠪᠴᠢᠮ᠎ᠠ ᠭᠠᠵᠠᠷ ᠢ᠋ ᠥᠭᠰᠥᠵᠦ ᠤᠷᠤᠭᠤᠳᠠᠵᠤ ᠰᠣᠳᠣᠨ ᠴᠢᠴᠢᠭᠡᠨᠡ ᠶ᠋ᠢᠨ ᠦᠨᠳᠦᠰᠦ ᠶ᠋ᠢ ᠮᠠᠯᠲᠠᠵᠤ ᠰᠥᠨᠢ ᠡᠳᠦᠷ ᠢ᠋ ᠬᠠᠲᠠᠮᠵᠢᠨ ᠥᠩᠭᠡᠷᠡᠭᠦᠯᠵᠦ ᠰᠤᠤᠲᠤ ᠬᠥᠪᠡᠭᠦᠳ ᠢ᠋ᠶ᠋ᠡᠨ ᠲᠡᠵᠢᠭᠡᠨ ᠥᠰᠬᠡᠪᠡ᠃ (ᠬᠠᠲᠤᠨ ᠲᠥᠷᠥᠭᠰᠡᠨ ᠥᠵᠢᠨ ᠡᠬᠡ ᠬᠠᠢᠯᠠᠰᠤᠨ ᠱᠣᠷᠣ ᠪᠠᠷᠢᠨ ᠶᠠᠪᠤᠵᠤ ᠬᠠᠯᠳᠤᠨ ᠠᠭᠤᠯᠠ ᠶ᠋ᠢ ᠥᠭᠰᠥᠵᠦ ᠤᠷᠤᠭᠤᠳᠠᠵᠤ᠂ ᠬᠠᠪᠢ ᠶ᠋ᠢᠨ ᠮᠠᠩᠭᠢᠷ ᠢ᠋ ᠮᠠᠯᠲᠠᠨ ᠲᠡᠭᠦᠵᠦ᠂ ᠬᠠᠳ ᠬᠥᠪᠡᠭᠦᠳ ᠢ᠋ᠶ᠋ᠡᠨ ᠬᠠᠢᠷᠠᠯᠠᠨ ᠲᠡᠵᠢᠭᠡᠵᠦ ᠬᠠᠨᠠᠲᠠᠯ᠎ᠠ ᠴᠠᠳᠲᠠᠯ᠎ᠠ ᠢᠳᠡᠭᠦᠯᠵᠦ ᠥᠰᠬᠡᠪᠡ᠃)
75᠂ ᠭᠤᠸ᠎ᠠ ᠲᠥᠷᠥᠭᠰᠡᠨ ᠥᠭᠡᠯᠦᠨ ᠡᠬᠡ ᠭᠣᠬ᠎ᠠ ᠳᠡᠭᠡᠭᠡ ᠪᠠᠷᠢᠨ ᠶᠠᠪᠤᠵᠤ ᠭᠣᠣᠯ ᠵᠠᠪᠢ ᠶ᠋ᠢ ᠥᠭᠰᠥᠵᠦ ᠤᠷᠤᠭᠤᠳᠠᠵᠤ ᠭᠣᠭᠣᠳ ᠮᠠᠩᠭᠢᠷ ᠢ᠋ ᠲᠡᠭᠦᠨ ᠶᠠᠪᠤᠵᠤ ᠬᠤᠲᠤᠭᠲᠠᠨ ᠬᠥᠪᠡᠭᠦᠳ ᠢ᠋ᠶ᠋ᠡᠨ ᠲᠡᠵᠢᠭᠡᠵᠦ ᠥᠰᠬᠡᠪᠡ᠂ ᠵᠠᠷᠴᠢᠮ ᠲᠠᠢ ᠲᠥᠷᠥᠭᠰᠡᠨ ᠦᠵᠢᠨ ᠡᠬᠡ ᠶ᠋ᠢᠨ ᠵᠢᠳᠠᠭᠠᠰᠣ ᠲᠥᠮᠥᠰᠥ ᠪᠡᠷ ᠲᠡᠵᠢᠭᠡᠭᠰᠡᠨ ᠬᠥᠪᠡᠭᠦᠳ ᠵᠠᠰᠠᠭᠳᠠᠨ ᠰᠠᠢᠳ ᠪᠣᠯᠵᠤ ᠥᠰᠪᠡ᠃ ᠭᠤᠸ᠎ᠠ ᠲᠥᠷᠥᠭᠰᠡᠨ ᠦᠵᠢᠨ ᠡᠬᠡ ᠶ᠋ᠢᠨ ᠭᠣᠭᠣᠳ ᠮᠠᠩᠭᠢᠷ ᠢ᠋ᠶ᠋ᠠᠷ ᠲᠡᠵᠢᠭᠡᠭᠰᠡᠨ ᠬᠥᠪᠡᠭᠦᠳ ᠬᠤᠲᠤᠭᠲᠠᠨ ᠰᠠᠢᠳ ᠪᠣᠯᠵᠤ ᠥᠰᠪᠡ᠃ ᠡᠬᠡ ᠦᠵᠢᠨ ᠦ᠌ ᠲᠡᠵᠢᠭᠡᠭᠰᠡᠨ ᠬᠥᠪᠡᠭᠦᠳ ᠡᠷᠡᠰ ᠰᠠᠢᠲᠤ ᠪᠣᠯᠤᠨ ᠥᠰᠴᠦ ᠡᠷᠬᠡ ᠣᠮᠣᠭ ᠲᠡᠭᠦᠯᠳᠡᠷ ᠪᠣᠯᠵᠤ ᠡᠬᠡ ᠤᠨᠤᠨ ᠤ᠋ ᠡᠷᠭᠢ ᠳ᠋ᠦ᠍ ᠰᠠᠭᠤᠵᠤ ᠡᠯᠭᠦᠭᠦᠷ ᠭᠣᠬ᠎ᠠ ᠤᠰᠤᠨ ᠳ᠋ᠤ᠌ ᠬᠠᠶᠠᠵᠤ ᠡᠷᠡᠮᠳᠡᠭ ᠵᠢᠭᠠᠰᠤ ᠶ᠋ᠢ ᠰᠢᠭᠦᠨ ᠪᠠᠷᠢᠵᠤ ᠡᠬᠡ ᠦᠵᠢᠨ ᠢ᠋ ᠲᠡᠵᠢᠭᠡᠬᠦ ᠪᠣᠯᠪᠠ ᠵᠠᠷᠴᠢᠮᠲᠤ ᠥᠵᠢᠨ ᠦ᠌ ᠲᠡᠵᠢᠭᠡᠭᠰᠡᠨ ᠬᠥᠪᠡᠭᠦᠳ ᠵᠠᠰᠠᠭᠲᠤ ᠡᠷᠡᠰ ᠪᠣᠯᠤᠨ ᠥᠰᠴᠦ ᠵᠠᠮᠠᠭ ᠲᠠᠢ ᠤᠰᠤ ᠶ᠋ᠢ ᠰᠢᠭᠦᠷᠳᠡᠨ ᠪᠠᠢᠵᠤ ᠵᠢᠭᠠᠰᠤ ᠵᠢᠷᠠᠭᠠᠬᠠᠢ ᠶ᠋ᠢ ᠭᠣᠬᠠᠳᠠᠨ ᠪᠠᠷᠢᠵᠤ ᠵᠠᠶᠠᠭᠠᠲᠤ ᠡᠬᠡ ᠪᠡᠨ ᠲᠡᠵᠢᠭᠡᠬᠦ ᠪᠣᠯᠪᠠ᠃
76᠂ ᠨᠢᠭᠡᠨ ᠡᠳᠦᠷ ᠲᠡᠮᠦᠵᠢᠨ᠂ ᠬᠠᠰᠠᠷ᠂ ᠪᠡᠭᠲᠡᠷ᠂ ᠪᠡᠯᠭᠦᠳᠡᠢ ᠳᠥᠷᠪᠡᠭᠦᠯᠡ ᠬᠠᠮᠲᠤ ᠰᠠᠭᠤᠵᠤ᠂ ᠵᠢᠭᠠᠰᠤ ᠭᠣᠬᠢᠳᠠᠬᠣ ᠳ᠋ᠤ᠌ ᠨᠢᠭᠡ ᠭᠡᠭᠡᠨ ᠰᠣᠭᠣᠰ ᠵᠢᠭᠠᠰᠤ ᠭᠣᠬᠠᠨ ᠳ᠋ᠤ᠌ ᠲᠣᠷᠴᠠᠢ᠃ ᠲᠡᠮᠦᠵᠢᠨ ᠬᠠᠰᠠᠷ ᠬᠣᠶᠠᠷ ᠠ᠋ᠴᠠ ᠪᠡᠭᠲᠡᠷ ᠪᠡᠯᠭᠦᠳᠡᠢ ᠬᠣᠶᠠᠷ ᠲᠡᠷᠡ ᠵᠢᠭᠠᠰᠤ ᠶ᠋ᠢ ᠪᠤᠯᠢᠶᠠᠵᠤ ᠠᠪᠪᠠ᠃ ᠲᠡᠮᠦᠵᠢᠨ ᠬᠠᠰᠠᠷ ᠬᠣᠶᠠᠷ ᠭᠡᠷ ᠲᠦ᠍ ᠢᠷᠡᠵᠦ ᠥᠵᠢᠨ ᠡᠬᠡ ᠳ᠋ᠦ᠍ ᠥᠭᠦᠯᠡᠷᠦᠨ᠄ 《ᠨᠢᠭᠡᠨ ᠴᠠᠢᠪᠤᠷ ᠵᠢᠭᠠᠰᠤ ᠭᠣᠬᠢᠨ ᠳ᠋ᠤ᠌ ᠣᠷᠣᠭᠰᠠᠨ ᠢ᠋ ᠪᠡᠭᠲᠡᠷ ᠪᠡᠯᠭᠦᠳᠡᠢ ᠠᠬ᠎ᠠ ᠳᠡᠭᠦᠦ ᠬᠣᠶᠠᠭᠤᠯᠠ ᠪᠠᠨ ᠪᠤᠯᠢᠶᠠᠵᠤ ᠠᠪᠪᠠ》ᠭᠡᠪᠡᠯ᠂ ᠦᠵᠢᠨ ᠡᠬᠡ ᠥᠭᠦᠯᠡᠷᠦᠨ᠄ 《 ᠲᠠ ᠨᠠᠷ ᠨᠢᠭᠡ ᠡᠴᠢᠭᠡ ᠶ᠋ᠢᠨ ᠬᠥᠪᠡᠭᠦᠳ ᠪᠠᠢᠲᠠᠯ᠎ᠠ ᠶᠠᠭᠤᠨ ᠳ᠋ᠤ᠌ ᠲᠡᠭᠡᠵᠦ ᠮᠠᠷᠭᠣᠯᠳᠠᠨᠠ? ᠣᠳᠣ ᠰᠡᠭᠦᠳᠡᠷ ᠡᠴᠡ ᠥᠭᠡᠷ᠎ᠡ ᠨᠥᠬᠥᠷ ᠦᠭᠡᠢ᠂ ᠰᠡᠭᠦᠯ ᠡᠴᠡ ᠥᠭᠡᠷ᠎ᠡ ᠲᠠᠰᠢᠭᠤᠷ ᠦᠭᠡᠢ ᠪᠠᠢᠭ᠎ᠠ ᠪᠠᠨ ᠮᠡᠳᠡᠬᠦ ᠪᠢᠵᠡ᠃ ᠡᠢᠮᠦ ᠪᠣᠯ ᠪᠢᠳᠡ ᠲᠠᠢᠴᠢᠭᠤᠳ ᠨᠠᠷ ᠠ᠋ᠴᠠ ᠶᠠᠭᠠᠬᠢᠵᠤ ᠥᠰᠢᠶ᠎ᠡ ᠪᠡᠨ ᠠᠪᠴᠤ ᠴᠢᠳᠠᠨ᠎ᠠ᠂ ᠤᠷᠢᠳᠤ ᠶ᠋ᠢᠨ ᠠᠯᠤᠨ ᠡᠬᠡ ᠶ᠋ᠢᠨ ᠲᠠᠪᠤᠨ ᠬᠥᠪᠡᠭᠦᠳ ᠮᠡᠲᠦ ᠶᠠᠭᠠᠬᠢᠭᠠᠳ ᠡᠪ ᠡᠶ᠎ᠡ ᠦᠭᠡᠢ ᠪᠣᠯᠪᠠ? ᠲᠠ ᠨᠠᠷ ᠪᠢᠲᠡᠭᠡᠢ ᠲᠡᠭᠡ》ᠭᠡᠪᠡ᠃
77᠂ ᠲᠡᠨᠳᠡ ᠡᠴᠡ ᠲᠡᠮᠦᠵᠢᠨ ᠬᠠᠰᠠᠷ ᠬᠣᠶᠠᠷ ᠦᠯᠦ ᠣᠢᠰᠢᠶᠠᠨ ᠥᠭᠦᠯᠡᠷᠦᠨ᠄ 《ᠥᠴᠥᠭᠡᠳᠦᠷ ᠨᠢᠭᠡ ᠪᠣᠯᠵᠣᠮᠣᠷ ᠬᠠᠷᠪᠤᠵᠤ ᠠᠯᠠᠭᠰᠠᠨ ᠢ᠋ ᠲᠡᠳᠡ ᠪᠤᠯᠢᠶᠠᠵᠤ ᠠᠪᠤᠭᠰᠠᠨ ᠪᠢᠯᠡ᠂ ᠡᠨᠡ ᠡᠳᠦᠷ ᠪᠠᠰᠠ ᠳᠠᠬᠢᠨ ᠪᠤᠯᠢᠶᠠᠪᠠ᠂ ᠡᠢᠮᠦ ᠪᠣᠯ ᠡᠳᠡᠨ ᠲᠡᠢ ᠬᠠᠮᠲᠤ ᠶᠠᠭᠠᠬᠢᠵᠤ ᠠᠮᠢᠳᠤᠷᠠᠨ᠎ᠠ》ᠭᠡᠳ ᠭᠡᠷ ᠦ᠋ᠨ ᠡᠭᠦᠳᠡ ᠶ᠋ᠢ ᠰᠢᠷᠦᠭᠦᠨ ᠬᠠᠶᠠᠵᠤ ᠭᠠᠷᠴᠤ ᠣᠳᠪᠠ᠃ ᠪᠡᠭᠲᠡᠷ ᠪᠡᠯᠭᠦᠳᠡᠢ᠂ ᠳᠣᠪᠣᠴᠠᠭ ᠳᠡᠭᠡᠷ᠎ᠡ ᠶᠢᠰᠦᠨ ᠰᠢᠷᠭ᠎ᠠ ᠮᠣᠷᠢ ᠪᠠᠨ ᠬᠠᠷᠢᠭᠤᠯᠵᠤ ᠰᠠᠭᠤᠲᠠᠯ᠎ᠠ ᠲᠡᠮᠦᠵᠢᠨ ᠬᠣᠢᠨ᠎ᠠ ᠠ᠋ᠴᠠ᠂ ᠬᠠᠰᠠᠷ ᠡᠮᠦᠨ᠎ᠡ ᠡᠴᠡ ᠨᠢᠭᠤᠴᠠ ᠪᠠᠷ ᠰᠤᠮᠤ ᠪᠠᠨ ᠣᠨᠢᠯᠠᠵᠤ ᠬᠦᠷᠬᠦ ᠳ᠋ᠦ᠍ ᠪᠡᠭᠲᠡᠷ ᠦᠵᠡᠭᠡᠳ ᠥᠭᠦᠯᠡᠷᠦᠨ᠄ 《ᠲᠠᠢᠴᠢᠭᠤᠳ ᠠᠬ᠎ᠠ ᠳᠡᠭᠦᠦ ᠨᠠᠷ ᠤ᠋ᠨ ᠬᠥᠨᠥᠭᠡᠯ ᠢ᠋ ᠬᠦᠯᠢᠶᠡᠭᠡᠳ᠂ ᠥᠰᠢᠶ᠎ᠡ ᠪᠡᠨ ᠳᠠᠭᠤᠰᠬᠠᠨ ᠠᠪᠴᠤ ᠴᠢᠳᠠᠭ᠎ᠠ ᠦᠭᠡᠢ ᠪᠠᠢᠲᠠᠯ᠎ᠠ᠂ ᠲᠠ ᠨᠠᠷ ᠨᠠᠮ᠎ᠠ ᠶ᠋ᠢ ᠶᠠᠭᠠᠬᠢᠵᠤ ᠨᠢᠳᠦᠨ ᠦ᠌ ᠰᠣᠷᠮᠣᠰᠣ᠂ ᠠᠮᠠᠨ ᠤ᠋ ᠪᠥᠭᠡᠯᠵᠢᠰᠦ ᠪᠣᠯᠭᠠᠨ᠎ᠠ? ᠣᠳᠣ ᠰᠡᠭᠦᠳᠡᠷ ᠡᠴᠡ ᠥᠭᠡᠷ᠎ᠡ ᠨᠥᠬᠥᠷ ᠦᠭᠡᠢ᠂ ᠰᠡᠭᠦᠯ ᠡᠴᠡ ᠥᠭᠡᠷ᠎ᠡ ᠲᠠᠰᠢᠭᠤᠷ ᠦᠭᠡᠢ ᠪᠠᠢᠲᠠᠯ᠎ᠠ ᠶᠠᠭᠤᠨ ᠳ᠋ᠤ᠌ ᠢᠩᠭᠢᠵᠦ ᠪᠠᠢᠨ᠎ᠠ᠂ ᠲᠠ? ᠭᠣᠯᠣᠮᠲᠠ ᠶ᠋ᠢ ᠮᠢᠨᠢ ᠪᠦᠦ ᠪᠦᠷᠢᠯᠭᠡᠭᠲᠦᠨ᠃ ᠪᠡᠯᠭᠦᠳᠡᠢ ᠶ᠋ᠢ ᠪᠦᠦ ᠬᠥᠨᠥᠭᠡᠭᠲᠦᠨ》ᠭᠡᠳ ᠵᠠᠪᠢᠯᠠᠨ ᠰᠠᠭᠤᠵᠤ ᠬᠦᠯᠢᠴᠡᠪᠡ᠂ ᠲᠡᠮᠦᠵᠢᠨ ᠬᠠᠰᠠᠷ ᠬᠣᠶᠠᠷ ᠬᠣᠢᠨ᠎ᠠ ᠤᠷᠢᠳᠠ ᠠ᠋ᠴᠠ ᠬᠠᠷᠪᠤᠵᠤ ᠠᠯᠠᠵᠤ ᠣᠷᠬᠢᠪᠠ᠃
78᠂ ᠲᠡᠮᠦᠵᠢᠨ ᠬᠠᠰᠠᠷ ᠬᠣᠶᠠᠷ ᠭᠡᠷ ᠲᠦ᠍ ᠢᠷᠡᠵᠦ ᠣᠷᠣᠬᠤ ᠳ᠋ᠤ᠌ ᠦᠵᠢᠨ ᠡᠬᠡ ᠬᠣᠶᠠᠷ ᠬᠥᠪᠡᠭᠦᠨ ᠦ᠌ ᠪᠡᠨ ᠴᠢᠷᠠᠢ ᠶ᠋ᠢ ᠬᠠᠷᠠᠮᠠᠭᠴᠠ᠂ ᠳᠠᠷᠤᠢ ᠤᠴᠢᠷ ᠢ᠋ ᠮᠡᠳᠡᠵᠦ ᠥᠭᠦᠯᠡᠷᠦᠨ᠄ 《ᠬᠠᠨᠢ ᠪᠠᠨ ᠪᠠᠷᠠᠭᠰᠠᠳ ᠢᠵᠢᠯᠢ ᠪᠡᠨ ᠢᠳᠡᠭᠰᠡᠳ ᠬᠠᠯᠠᠭᠤᠨ ᠬᠡᠪᠡᠯᠢ ᠡᠴᠡ ᠭᠠᠷᠬᠤ ᠳ᠋ᠠᠭᠠᠨ ᠬᠠᠷ᠎ᠠ ᠨᠥᠵᠢ ᠠᠳᠬᠤᠨ ᠲᠥᠷᠥᠭᠰᠡᠨ ᠪᠢᠯᠡ᠃ ᠬᠠᠪᠢᠷᠭ᠎ᠠ ᠪᠠᠨ ᠬᠠᠵᠠᠬᠤ ᠬᠠᠷ᠎ᠠ ᠨᠣᠬᠠᠢ ᠮᠡᠲᠦ᠂ ᠬᠠᠳᠠᠨ ᠳ᠋ᠤ᠌ ᠳᠣᠪᠲᠣᠯᠬᠤ ᠬᠠᠷᠴᠠᠭᠠᠢ ᠱᠣᠩᠬᠣᠷ ᠮᠡᠲᠦ᠂ ᠠᠭᠤᠷ ᠢ᠋ᠶ᠋ᠠᠨ ᠳᠠᠷᠤᠨ ᠶᠠᠳᠠᠬᠤ ᠣᠮᠣᠭᠲᠤ ᠠᠷᠰᠯᠠᠨ ᠮᠡᠲᠦ᠂ ᠠᠮᠢᠳᠤ ᠶ᠋ᠢ ᠵᠠᠯᠭᠢᠬᠤ ᠠᠶᠤᠯᠲᠤ ᠮᠠᠩᠭ᠋ᠣᠰ ᠮᠡᠲᠦ᠂ ᠰᠡᠭᠦᠳᠡᠷ ᠢ᠋ᠶ᠋ᠡᠨ ᠳᠣᠪᠲᠣᠯᠬᠤ ᠰᠦᠷᠡᠬᠡᠢ ᠠᠷᠢᠶᠠᠲᠠᠨ ᠮᠡᠲᠦ᠂ ᠴᠣᠭ ᠢ᠋ ᠵᠠᠯᠭᠢᠬᠤ ᠴᠤᠷᠬᠠᠢ ᠵᠢᠭᠠᠰᠤ ᠮᠡᠲᠦ᠂ ᠪᠣᠲᠣᠭᠣ ᠳᠣᠷᠮᠠ ᠶ᠋ᠢᠨ ᠪᠣᠷᠪᠢ ᠶ᠋ᠢ ᠬᠠᠵᠠᠬᠤ ᠥᠯ ᠪᠤᠤᠷ᠎ᠠ ᠮᠡᠲᠦ᠂ ᠪᠣᠷᠣᠭᠠᠨ ᠲᠠᠢ ᠡᠳᠦᠷ ᠳᠣᠪᠲᠣᠯᠤᠨ ᠬᠠᠯᠳᠠᠬᠤ ᠥᠯᠥᠨ ᠴᠢᠨᠣ᠎ᠠ ᠮᠡᠲᠦ᠂ ᠨᠢᠯᠬ᠎ᠠ ᠦᠷ᠎ᠡ ᠪᠡᠨ ᠬᠢᠯᠠᠢᠨ (ᠬᠥᠭᠡᠭᠡᠨ) ᠶᠠᠳᠠᠵᠤ ᠨᠢᠳᠦᠯᠡᠨ ᠢᠳᠡᠬᠦ ᠨᠢᠭᠦᠯᠲᠦ ᠠᠩᠭᠢᠷ ᠮᠡᠲᠦ ᠬᠡᠪᠲᠡᠰᠢ ᠶ᠋ᠢ ᠬᠥᠳᠡᠯᠭᠡᠪᠡᠯ ᠭᠡᠳᠡᠷᠭᠦ ᠳᠣᠪᠲᠣᠯᠬᠤ ᠬᠡᠷᠴᠡᠭᠡᠢ ᠴᠦᠬᠡᠬᠡᠪᠥᠷ (ᠴᠢᠨᠣ᠎ᠠ) ᠮᠡᠲᠦ᠂ ᠪᠠᠷᠢᠵᠤ ᠢᠳᠡᠬᠦ ᠪᠠᠷᠰ ᠠᠷᠢᠶᠠᠲᠠᠨ ᠮᠡᠲᠦ᠂ ᠪᠠᠯᠠᠮᠠᠳ ᠠᠮᠢᠲᠠᠳ ᠪᠤᠶᠤ ᠰᠡᠭᠦᠳᠡᠷ ᠡᠴᠡ ᠥᠭᠡᠷ᠎ᠡ ᠨᠥᠬᠥᠷ ᠦᠭᠡᠢ ᠰᠡᠭᠦᠯ ᠡᠴᠡ ᠥᠭᠡᠷ᠎ᠡ ᠲᠠᠰᠢᠭᠤᠷ ᠦᠭᠡᠢ ᠪᠠᠢᠬᠤ ᠳ᠋ᠤ᠌ ᠲᠠᠢᠴᠢᠭᠤᠳ ᠨᠠᠷ ᠤ᠋ᠨ ᠬᠥᠨᠥᠭᠡᠯ ᠢ᠋ ᠬᠦᠯᠢᠶᠡᠵᠦ᠂ ᠥᠰᠢᠶ᠎ᠡ ᠪᠡᠨ ᠬᠡᠨ ᠶᠠᠭᠠᠬᠢᠵᠤ ᠠᠪᠬᠤ ᠪᠣᠢ? ᠭᠡᠵᠦ ᠪᠠᠢᠬᠤ ᠳ᠋ᠤ᠌᠂ ᠲᠠ ᠨᠠᠷ ᠶᠠᠭᠤᠨ ᠳ᠋ᠤ᠌ ᠡᠢᠮᠦ ᠬᠡᠷᠡᠭ ᠬᠢᠪᠡ?》ᠭᠡᠵᠦ ᠡᠷᠲᠡᠨ ᠦ᠌ ᠦᠭᠡ ᠶ᠋ᠢ ᠡᠰᠢ ᠲᠠᠲᠠᠵᠤ᠂ ᠡᠪᠦᠭᠡᠳ ᠦ᠋ᠨ ᠦᠭᠡ ᠶ᠋ᠢ ᠦᠨᠳᠦᠰᠦ ᠪᠣᠯᠭᠠᠵᠤ ᠬᠥᠪᠡᠭᠦᠳ ᠢ᠋ᠶ᠋ᠡᠨ ᠶᠡᠬᠡᠳᠡ ᠪᠤᠷᠤᠭᠤᠰᠢᠶᠠᠨ ᠵᠢᠮᠡᠯᠡᠪᠡ᠃
79᠂ ᠲᠡᠭᠡᠵᠦ ᠪᠠᠢᠲᠠᠯ᠎ᠠ᠂ ᠲᠠᠢᠴᠢᠭᠤᠳ ᠤ᠋ᠨ ᠲᠠᠷᠭᠤᠲᠠᠢ ᠬᠢᠷᠢᠯᠳᠣᠭ᠂ ᠰᠢᠳᠠᠷ ᠨᠥᠬᠥᠳ ᠢ᠋ᠶ᠋ᠡᠨ ᠳᠠᠭᠠᠭᠤᠯᠵᠤ᠂ 《ᠬᠤᠷᠠᠭᠠᠨ ᠤ᠋ ᠦᠰᠦ ᠭᠤᠤᠵᠢᠪᠠ᠂ ᠳᠥᠯᠭᠡᠨ ᠦ᠌ ᠪᠡᠶ᠎ᠡ ᠲᠥᠯᠵᠢᠪᠡ》(ᠥᠭᠡᠯᠦᠨ ᠦ᠌ ᠬᠥᠪᠡᠭᠦᠳ ᠲᠡᠩᠬᠡᠷᠡᠪᠡ) ᠭᠡᠵᠦ ᠳᠣᠪᠲᠣᠯᠬᠤ ᠪᠠᠷ ᠢᠷᠡᠪᠡ᠂ ᠲᠡᠳᠡᠨ ᠡᠴᠡ ᠠᠶᠤᠵᠤ ᠥᠭᠡᠯᠦᠨ ᠦᠵᠢᠨ ᠬᠥᠪᠡᠭᠦᠳ ᠦ᠋ᠨ ᠬᠠᠮᠲᠤ ᠣᠢ ᠰᠢᠭᠤᠢ ᠳ᠋ᠤ᠌ ᠳᠤᠲᠠᠭᠠᠪᠠ᠂ ᠪᠡᠯᠭᠦᠳᠡᠢ ᠮᠣᠳᠣ ᠬᠤᠭᠤᠯᠵᠤ ᠰᠢᠪᠡᠭᠡ ᠪᠠᠷᠢᠪᠠ᠂ ᠬᠠᠰᠠᠷ ᠬᠠᠷᠪᠤᠨ ᠪᠠᠢᠯᠳᠤᠵᠤ᠂ ᠬᠠᠴᠢᠭᠤᠨ᠂ ᠲᠡᠮᠦᠭᠡ᠂ ᠲᠡᠮᠦᠯᠦᠨ ᠭᠤᠷᠪᠠ ᠶ᠋ᠢ ᠠᠭᠤᠯᠠ ᠶ᠋ᠢᠨ ᠵᠡᠪᠡ ᠳ᠋ᠦ᠍ ᠨᠢᠭᠤᠵᠤ ᠪᠠᠢᠬᠤ ᠳ᠋ᠤ᠌ ᠲᠠᠢᠴᠢᠭᠤᠳ ᠪᠠᠷᠬᠢᠷᠠᠨ ᠥᠭᠦᠯᠡᠷᠦᠨ᠄ 《ᠲᠡᠮᠦᠵᠢᠨ ᠠᠬ᠎ᠠ ᠪᠠᠨ ᠭᠠᠷᠭᠠᠵᠤ ᠥᠭ᠂ ᠪᠤᠰᠤᠳ ᠴᠢᠨᠢ ᠬᠡᠷᠡᠭ ᠦᠭᠡᠢ》ᠭᠡᠬᠦ ᠶ᠋ᠢ ᠰᠣᠨᠣᠰᠤᠭᠠᠳ ᠲᠡᠮᠦᠵᠢᠨ ᠢ᠋ ᠰᠠᠮ ᠤᠷᠭᠤᠭᠤᠯᠤᠨ ᠣᠢ ᠳ᠋ᠤ᠌ ᠳᠤᠲᠠᠭᠠᠯᠭᠠᠪᠠ᠂ ᠡᠭᠦᠨ ᠢ᠋ ᠲᠠᠢᠴᠢᠭᠤᠳ ᠮᠡᠳᠡᠭᠡᠳ ᠨᠡᠬᠡᠨ ᠬᠥᠭᠡᠭᠡᠬᠦ ᠳ᠋ᠦ᠍ ᠲᠡᠮᠦᠵᠢᠨ᠂ ᠲᠡᠷᠢᠭᠦᠨ ᠥᠨᠳᠥᠷ ᠦ᠋ᠨ ᠰᠢᠭᠤᠢ ᠳ᠋ᠤ᠌ ᠰᠢᠷᠭᠤᠵᠤ ᠣᠷᠣᠪᠠᠯ ᠲᠠᠢᠴᠢᠭᠤᠳ ᠨᠡᠪᠲᠡᠷᠡᠨ ᠣᠷᠣᠵᠤ ᠴᠢᠳᠠᠭᠰᠠᠨ ᠦᠭᠡᠢ ᠬᠦᠷᠢᠶᠡᠯᠡᠨ ᠰᠠᠬᠢᠪᠠ᠃
80᠂ ᠲᠡᠮᠦᠵᠢᠨ᠂ ᠰᠢᠭᠤᠢ ᠳᠣᠲᠣᠷ᠎ᠠ ᠭᠤᠷᠪᠠ ᠬᠣᠨᠣᠵᠤ ᠣᠳᠣ ᠬᠠᠷᠢᠶ᠎ᠠ ᠭᠡᠵᠦ ᠮᠣᠷᠢ ᠪᠠᠨ ᠬᠥᠲᠥᠯᠵᠦ ᠶᠠᠪᠤᠬᠤ ᠳ᠋ᠤ᠌ ᠮᠣᠷᠢᠨ ᠠ᠋ᠴᠠ ᠡᠮᠡᠭᠡᠯ ᠨᠢ ᠮᠣᠯᠳᠣᠷᠣᠨ ᠤᠨᠠᠪᠠ᠃ ᠡᠷᠭᠢᠵᠦ ᠦᠵᠡᠪᠡᠯ ᠡᠮᠡᠭᠡᠯ ᠦ᠋ᠨ ᠣᠯᠣᠮ ᠬᠥᠮᠥᠯᠳᠥᠷᠭᠡ ᠬᠡᠪ ᠢ᠋ᠶ᠋ᠡᠷ ᠪᠠᠢᠲᠠᠯ᠎ᠠ ᠮᠣᠯᠳᠣᠷᠠᠰᠠᠨ ᠠᠵᠢ᠃ 《ᠣᠯᠣᠮ ᠮᠣᠯᠳᠣᠷᠴᠣ ᠪᠣᠯᠬᠤ ᠭᠡᠪᠡᠴᠦ ᠬᠥᠮᠥᠯᠳᠥᠷᠭᠡ ᠶᠠᠭᠠᠬᠢᠨ ᠮᠣᠯᠳᠠᠷᠠᠨᠠ᠂ ᠲᠡᠭᠷᠢ ᠢᠳᠬᠠᠵᠤ ᠪᠠᠢᠭ᠎ᠠ ᠪᠣᠯᠪᠠ ᠤᠤ?》ᠭᠡᠵᠦ ᠪᠠᠰᠠ ᠭᠤᠷᠪᠠᠨ ᠬᠣᠨᠣᠭ ᠬᠦᠯᠢᠶᠡᠪᠡ᠂ ᠳᠠᠬᠢᠨ ᠭᠠᠷᠬᠤ ᠪᠠᠷ ᠶᠠᠪᠤᠬᠤ ᠳ᠋ᠤ᠌ ᠰᠢᠭᠤᠢ ᠠ᠋ᠴᠠ ᠭᠠᠷᠬᠤ ᠵᠠᠮ ᠢ᠋ ᠭᠡᠷ ᠦ᠋ᠨ ᠴᠢᠨᠡᠭᠡ ᠴᠠᠭᠠᠨ ᠴᠢᠯᠠᠭᠤ ᠪᠥᠭᠯᠡᠨ ᠬᠡᠪᠲᠡᠵᠦ ᠪᠠᠢᠨ᠎ᠠ᠃ 《ᠲᠡᠭᠷᠢ ᠢᠳᠬᠠᠵᠤ ᠪᠠᠢᠭ᠎ᠠ ᠪᠣᠯᠪᠠ ᠤᠤ?》ᠭᠡᠵᠦ ᠪᠤᠴᠠᠵᠤ ᠪᠠᠰᠠ ᠭᠤᠷᠪᠠ ᠬᠣᠨᠣᠪᠠ᠃ ᠪᠦᠭᠦᠳᠡ ᠶᠢᠰᠦ ᠬᠣᠨᠣᠭ ᠬᠣᠭᠣᠯᠠ ᠦᠭᠡᠢ ᠪᠠᠢᠵᠤ 《ᠡᠨᠡ ᠮᠡᠲᠦ ᠨᠡᠷ᠎ᠡ ᠦᠭᠡᠢ ᠦᠬᠦᠬᠦ ᠪᠡᠷ ᠭᠠᠷᠤᠶ᠎ᠠ》ᠭᠡᠳ ᠵᠠᠮ ᠪᠥᠭᠯᠡᠨ ᠤᠨᠠᠭᠰᠠᠨ ᠭᠡᠷ ᠦ᠋ᠨ ᠴᠢᠨᠡᠭᠡ ᠴᠠᠭᠠᠨ ᠴᠢᠯᠠᠭᠤ ᠶ᠋ᠢ ᠲᠣᠭᠣᠷᠢᠨ ᠭᠠᠷᠬᠤ ᠳ᠋ᠤ᠌ ᠰᠠᠭᠠᠳ ᠪᠣᠯᠬᠤ ᠮᠣᠳᠣ ᠶ᠋ᠢ ᠰᠤᠮᠤᠴᠢ (ᠰᠤᠮᠤ ᠬᠢᠳᠡᠭ) ᠬᠢᠲᠤᠭ᠎ᠠ ᠪᠠᠷ ᠢ᠋ᠶ᠋ᠠᠨ ᠣᠭᠲᠣᠯᠤᠭᠠᠳ ᠮᠣᠷᠢ ᠪᠠᠨ ᠬᠥᠲᠥᠯᠵᠦ ᠭᠠᠷᠤᠮᠠᠭᠴᠠ ᠲᠠᠢᠴᠢᠭᠤᠳ ᠤᠭᠲᠤᠨ ᠪᠠᠷᠢᠵᠤ ᠠᠪᠪᠠ᠃
81᠂ ᠲᠡᠮᠦᠵᠢᠨ ᠢ᠋ ᠲᠠᠷᠭᠤᠲᠠᠢ ᠬᠢᠷᠢᠯᠳᠣᠭ ᠪᠠᠷᠢᠵᠤ᠂ ᠤᠯᠤᠰ ᠲᠠᠭᠠᠨ ᠠᠪᠠᠴᠢᠭᠠᠳ ᠵᠠᠰᠠᠭᠯᠠᠨ ᠰᠢᠳᠬᠡᠵᠦ ᠠᠢᠯ ᠪᠦᠷᠢ ᠳ᠋ᠦ᠍ ᠨᠢᠵᠡᠭᠡᠳ ᠬᠣᠨᠣᠭᠤᠯᠵᠤ ᠬᠡᠰᠦᠬᠥᠯᠥᠨ ᠶᠠᠪᠤᠨ᠎ᠠ᠂ ᠵᠤᠨ ᠤ᠋ ᠲᠡᠷᠢᠭᠦᠨ ᠰᠠᠷ᠎ᠠ ᠶ᠋ᠢᠨ ᠠᠷᠪᠠᠨ ᠵᠢᠷᠭᠤᠭᠠᠨ ᠤ᠋ ᠤᠯᠠᠭᠠᠨ ᠲᠡᠷᠭᠡᠯ ᠡᠳᠦᠷ ᠲᠠᠢᠴᠢᠭᠤᠳ ᠤᠨᠤᠨ ᠤ᠋ ᠡᠷᠭᠢ ᠳᠡᠭᠡᠷ᠎ᠡ ᠬᠤᠷᠢᠮᠯᠠᠵᠤ᠂ ᠨᠠᠷᠠ ᠰᠢᠩᠭᠡᠬᠦ ᠳ᠋ᠦ᠍ ᠲᠠᠷᠬᠠᠪᠠ᠃ ᠲᠡᠷᠡ ᠬᠤᠷᠢᠮ ᠤ᠋ᠨ ᠦᠶ᠎ᠡ ᠳ᠋ᠦ᠍ ᠲᠡᠮᠦᠵᠢᠨ ᠢ᠋ ᠨᠢᠭᠡᠨ ᠬᠢᠯᠪᠠᠷ ᠳᠣᠷᠣᠢ ᠬᠥᠪᠡᠭᠦᠨ ᠠᠪᠴᠢᠷᠠᠨ ᠰᠠᠬᠢᠭᠣᠯᠵᠣ ᠪᠢᠯᠡ᠂ ᠬᠤᠷᠢᠮ ᠤ᠋ᠨ ᠠᠷᠠᠳ ᠢ᠋ ᠲᠠᠷᠬᠠᠮᠠᠭᠴᠠ᠂ ᠲᠡᠷᠡ ᠬᠢᠯᠪᠠᠷ ᠬᠥᠪᠡᠭᠦᠨ ᠦ᠌ ᠲᠣᠯᠣᠭᠠᠢ ᠶ᠋ᠢ ᠪᠤᠭᠤᠢ (ᠳᠥᠩᠭᠡ) ᠪᠡᠷ ᠨᠢᠭᠡᠨ ᠤᠳᠠᠭ᠎ᠠ ᠳᠡᠯᠡᠳᠦᠭᠡᠳ ᠭᠦᠶᠦᠵᠦ ᠤᠨᠤᠨ ᠤ᠋ ᠰᠢᠭᠤᠢ ᠳᠣᠲᠣᠷ᠎ᠠ ᠬᠡᠪᠲᠡᠪᠡᠯ ᠦᠵᠡᠭᠳᠡᠬᠦ ᠪᠣᠯᠪᠠ ᠤᠤ ᠭᠡᠵᠦ ᠤᠰᠤᠨ ᠤ᠋ ᠬᠠᠷᠢᠭ (ᠤᠷᠤᠰᠬᠠᠯ ᠤ᠋ᠨ ᠬᠠᠵᠠᠭᠤ ᠳ᠋ᠠᠬᠢ ᠲᠣᠭᠲᠠᠮᠠᠯ ᠤᠰᠤ ;) ᠳ᠋ᠤ᠌ ᠣᠷᠣᠭᠠᠳ ᠭᠡᠳᠡᠷᠭᠦ ᠬᠡᠪᠲᠡᠵᠦ ᠳᠥᠩᠭᠡ ᠪᠡᠨ ᠤᠰᠤ ᠤᠷᠤᠭᠤ ᠤᠷᠤᠰᠬᠠᠨ ᠨᠢᠭᠤᠷ ᠢ᠋ᠶ᠋ᠠᠨ ᠢᠯᠡ ᠭᠠᠷᠭᠠᠵᠤ ᠬᠡᠪᠲᠡᠪᠡ᠃
82᠂ 《ᠪᠠᠷᠢᠭᠳᠠᠭᠰᠠᠨ ᠬᠥᠮᠦᠨ ᠢ᠋ ᠠᠯᠳᠠᠪᠠ》ᠭᠡᠵᠦ ᠲᠡᠭᠦᠨ ᠢ᠋ ᠰᠠᠬᠢᠵᠤ ᠪᠠᠢᠭᠰᠠᠨ ᠬᠥᠮᠦᠨ ᠶᠡᠬᠡ ᠳᠠᠭᠤ ᠪᠠᠷ ᠬᠠᠰᠬᠢᠷᠬᠤ ᠳ᠋ᠤ᠌ ᠲᠠᠷᠬᠠᠭᠰᠠᠨ ᠲᠠᠢᠴᠢᠭᠤᠳ ᠴᠤᠭᠯᠠᠨ ᠢᠷᠡᠵᠦ᠂ ᠡᠳᠦᠷ ᠮᠡᠲᠦ ᠰᠠᠷᠠᠭᠤᠯ ᠰᠥᠨᠢ ᠤᠨᠤᠨ ᠤ᠋ ᠰᠢᠭᠤᠢ ᠶ᠋ᠢ ᠨᠡᠩᠵᠢᠨ ᠪᠡᠳᠡᠷᠢᠪᠡ᠃ ᠤᠰᠤᠨ ᠤ᠋ ᠬᠠᠷᠢᠭ ᠲᠤ᠌ ᠬᠡᠪᠲᠡᠵᠦ ᠪᠠᠢᠭ᠎ᠠ ᠲᠡᠮᠦᠵᠢᠨ ᠲᠡᠢ ᠰᠥᠯᠳᠥᠰᠥᠨ ᠦ᠌ ᠰᠣᠷᠬᠠᠨ ᠰᠢᠷ᠎ᠠ ᠶᠠᠭ ᠲᠣᠬᠢᠶᠠᠯᠳᠤᠨ ᠦᠵᠡᠵᠦ ᠥᠭᠦᠯᠡᠷᠦᠨ᠄ (ᠤᠰᠤᠨ ᠳ᠋ᠤ᠌ ᠴᠢᠯᠮᠢ (ᠣᠷᠣᠮ) ᠦᠭᠡᠢ᠂ ᠣᠭᠲᠠᠷᠭᠤᠢ ᠳ᠋ᠤ᠌ ᠮᠥᠷ ᠦᠭᠡᠢ ᠲᠤᠯᠠ ᠴᠢᠨᠦ ᠢᠩᠭᠢᠵᠦ ᠬᠡᠪᠲᠡᠬᠦ ᠵᠥᠪ ᠪᠠᠢᠨ᠎ᠠ)《ᠴᠢ ᠡᠢᠮᠦ ᠠᠷᠭ᠎ᠠ ᠲᠠᠢ ᠪᠥᠭᠡᠳ ᠨᠢᠳᠦᠨ ᠳ᠋ᠡᠭᠡᠨ ᠭᠠᠯ ᠲᠠᠢ᠂ ᠨᠢᠭᠤᠷ ᠲᠠᠭᠠᠨ ᠭᠡᠷᠡᠯ ᠲᠡᠢ ᠬᠥᠮᠦᠨ ᠲᠤᠯᠠ ᠲᠠᠢᠴᠢᠭᠤᠳ ᠡᠢᠨᠬᠦ ᠠᠲᠠᠭᠠᠷᠬᠠᠬᠤ ᠠᠵᠠᠢ᠃ ᠴᠢ ᠢᠩᠭᠢᠭᠡᠳ ᠬᠡᠪᠲᠡᠵᠦ ᠪᠠᠢ᠂ ᠪᠢ ᠴᠢᠮᠢ᠋ᠢ ᠵᠢᠭᠠᠵᠤ ᠥᠭᠬᠦ ᠦᠭᠡᠢ》ᠭᠡᠳ ᠥᠩᠭᠡᠷᠡᠨ ᠣᠳᠪᠠ᠃ ᠴᠠᠰᠢ ᠬᠡᠷᠬᠢᠨ ᠡᠷᠢᠬᠦ ᠶ᠋ᠢ ᠲᠠᠢᠴᠢᠭᠤᠳ ᠨᠠᠷ ᠵᠥᠪᠯᠡᠬᠦ ᠳ᠋ᠦ᠍᠂ᠰᠣᠷᠬᠠᠨ ᠰᠢᠷ᠎ᠠ ᠥᠭᠦᠯᠡᠷᠦᠨ᠄ 《ᠬᠥᠮᠦᠨ ᠪᠦᠷᠢ ᠶᠠᠪᠤᠭᠰᠠᠨ ᠮᠥᠷ ᠢ᠋ᠶ᠋ᠡᠷ ᠭᠡᠳᠡᠷᠭᠦ ᠶᠠᠪᠤᠵᠤ᠂ ᠣᠷᠴᠢᠨ ᠤ᠋ ᠭᠠᠵᠠᠷ ᠢ᠋ ᠳᠠᠬᠢᠨ ᠰᠢᠯᠭᠠᠵᠤ ᠦᠵᠡᠶ᠎ᠡ》ᠭᠡᠪᠡᠯ ᠴᠥᠮ 《ᠵᠠ》ᠭᠡᠵᠦ ᠵᠦᠪᠰᠢᠶᠡᠷᠴᠦ᠂ ᠬᠥᠮᠦᠨ ᠪᠦᠷᠢ ᠶᠠᠪᠤᠭᠰᠠᠨ ᠮᠥᠷ ᠢ᠋ᠶ᠋ᠡᠷ ᠢ᠋ᠶ᠋ᠡᠨ ᠶᠠᠪᠤᠵᠤ ᠡᠷᠢᠪᠡ᠃ ᠪᠠᠰᠠ ᠰᠣᠷᠬᠠᠨ ᠰᠢᠷ᠎ᠠ᠂ ᠲᠡᠮᠦᠵᠢᠨ ᠢ᠋ ᠳᠠᠭᠠᠷᠢᠵᠤ 《 ᠠᠬ᠎ᠠ ᠳᠡᠭᠦᠦ ᠲᠠᠢᠴᠢᠭᠤᠳ ᠨᠠᠷ᠂ ᠠᠮᠠ ᠰᠢᠳᠦ ᠪᠡᠨ ᠪᠢᠯᠡᠭᠦᠳᠡᠵᠦ ᠠᠢᠰᠤᠢ ᠶᠠᠪᠤᠨ᠎ᠠ᠂ ᠴᠢ ᠬᠠᠲᠠᠭᠤᠵᠢᠨ ᠬᠡᠪᠲᠡᠵᠦ ᠪᠠᠢ》ᠭᠡᠳ ᠥᠩᠭᠡᠷᠡᠵᠦ ᠣᠳᠪᠠ᠃
83᠂ ᠲᠠᠢᠴᠢᠭᠤᠳ ᠨᠠᠷ ᠡᠷᠢᠵᠦ ᠣᠯᠤᠭᠰᠠᠨ ᠦᠭᠡᠢ ᠲᠤᠯᠠ ᠳᠠᠬᠢᠨ ᠶᠠᠭᠠᠬᠢᠵᠤ ᠡᠷᠢᠬᠦ ᠶ᠋ᠢ ᠵᠥᠪᠯᠡᠯᠳᠦᠬᠦ ᠳ᠋ᠦ᠍ ᠰᠣᠷᠬᠠᠨ ᠰᠢᠷ᠎ᠠ ᠥᠭᠦᠯᠡᠷᠦᠨ᠄ 《ᠲᠠᠢᠴᠢᠭᠤᠳ ᠬᠥᠪᠡᠭᠦᠳ ᠪᠢᠳᠡ᠂ ᠭᠡᠭᠡᠨ ᠴᠠᠭᠠᠨ ᠡᠳᠦᠷ ᠪᠦᠬᠦᠯᠢ ᠬᠥᠮᠦᠨ ᠢ᠋ ᠠᠯᠳᠠᠭᠠᠳ ᠣᠳᠣ ᠬᠠᠷᠠᠩᠬᠤᠢ ᠰᠥᠨᠢ ᠬᠡᠷᠬᠢᠨ ᠣᠯᠬᠤ ᠪᠢᠯᠡ᠂ ᠬᠥᠮᠦᠨ ᠪᠦᠷᠢ ᠶᠠᠪᠤᠭᠰᠠᠨ ᠮᠥᠷ ᠢ᠋ᠶ᠋ᠡᠷ ᠢ᠋ᠶ᠋ᠡᠨ ᠳᠠᠬᠢᠨ ᠨᠢᠭᠡ ᠤᠳᠠᠭ᠎ᠠ ᠡᠷᠢᠵᠦ ᠲᠠᠷᠬᠠᠭᠠᠳ ᠮᠠᠷᠭᠠᠰᠢ ᠴᠤᠭᠯᠠᠵᠤ ᠡᠷᠢᠶ᠎ᠡ᠂ ᠲᠡᠷᠡ ᠳᠥᠩᠭᠡ ᠲᠡᠢ ᠬᠥᠮᠦᠨ ᠬᠠᠮᠢᠭ᠎ᠠ ᠬᠣᠯᠠᠳᠠᠬᠤ ᠪᠣᠢ》ᠭᠡᠪᠡᠯ ᠪᠦᠭᠦᠳᠡᠭᠡᠷ 《ᠵᠠ》ᠬᠡᠯᠲᠦᠵᠦ ᠪᠤᠴᠠᠵᠤ ᠡᠷᠢᠬᠦ ᠪᠡᠷ ᠶᠠᠪᠤᠪᠠ᠃ ᠰᠣᠷᠬᠠᠨ ᠰᠢᠷ᠎ᠠ ᠪᠠᠰᠠ ᠲᠡᠮᠦᠵᠢᠨ ᠳ᠋ᠦ᠍ ᠢᠷᠡᠭᠡᠳ ᠥᠭᠦᠯᠡᠷᠦᠨ᠄ 《ᠣᠳᠣ ᠨᠢᠭᠡᠨ ᠤᠳᠠᠭ᠎ᠠ ᠡᠷᠢᠵᠦ ᠲᠠᠷᠬᠠᠭᠠᠳ ᠮᠠᠷᠭᠠᠰᠢ ᠡᠷᠢᠬᠦ ᠪᠡᠷ ᠪᠣᠯᠪᠠ᠂ ᠪᠢᠳᠡᠨ ᠢ᠋ ᠲᠠᠷᠬᠠᠮᠠᠭᠴᠠ ᠡᠬᠡ ᠪᠠ ᠳᠡᠭᠦᠦ ᠨᠠᠷ ᠤ᠋ᠨ ᠵᠦᠭ ᠶᠠᠪᠤ᠂ ᠬᠡᠷᠪᠡ ᠬᠥᠮᠦᠨ ᠲᠣᠬᠢᠶᠠᠯᠳᠤᠪᠠᠯ ᠨᠠᠮ᠎ᠠ ᠶ᠋ᠢ ᠦᠵᠡᠪᠡ ᠭᠡᠵᠦ ᠪᠦᠦ ᠬᠡᠯᠡ》ᠭᠡᠳ ᠶᠠᠪᠤᠴᠢᠬᠠᠪᠠ᠃
84᠂ ᠲᠡᠳᠡᠨ ᠢ᠋ ᠲᠠᠷᠬᠠᠮᠠᠭᠴᠠ ᠲᠡᠮᠦᠵᠢᠨ ᠳᠣᠲᠣᠷ᠎ᠠ ᠪᠠᠨ ᠰᠡᠳᠬᠢᠷᠦᠨ᠄ 《ᠰᠠᠶᠢ ᠶ᠋ᠢᠨ ᠬᠡᠳᠦᠨ ᠡᠳᠦᠷ ᠠᠢᠯ ᠬᠡᠰᠦᠵᠦ ᠬᠣᠨᠣᠬᠤ ᠳ᠋ᠤ᠌ ᠰᠣᠷᠬᠠᠨ ᠰᠢᠷ᠎ᠠ ᠶ᠋ᠢᠨ ᠭᠡᠷ ᠲᠦ᠍ ᠬᠣᠨᠣᠪᠠᠯ ᠲᠡᠭᠦᠨ ᠦ᠌ ᠬᠥᠪᠡᠭᠦᠨ ᠴᠢᠮᠪᠠᠢ ᠴᠢᠯᠠᠭᠤᠨ ᠬᠣᠶᠠᠷ ᠨᠠᠮ᠎ᠠ ᠶ᠋ᠢ ᠥᠷᠥᠪᠳᠦᠨ ᠬᠠᠢᠷᠠᠯᠠᠵᠤ ᠰᠥᠨᠢ ᠭᠢᠨᠵᠢ ᠳᠥᠩᠭᠡ ᠶ᠋ᠢ ᠮᠢᠨᠢ ᠰᠤᠯᠠᠯᠠᠵᠤ ᠬᠣᠨᠣᠭᠤᠯᠬᠤ ᠪᠥᠯᠥᠭᠡ᠂ ᠣᠳᠣ ᠪᠠᠰᠠ ᠰᠣᠷᠬᠠᠨ ᠰᠢᠷᠬ᠎ᠠ ᠨᠠᠮ᠎ᠠ ᠶ᠋ᠢ ᠦᠵᠡᠵᠦ ᠵᠢᠭᠠᠵᠤ ᠦᠭᠭᠰᠡᠨ ᠦᠭᠡᠢ ᠥᠩᠭᠡᠷᠡᠪᠡ᠂ ᠲᠡᠳᠡ ᠨᠠᠮ᠎ᠠ ᠶ᠋ᠢ ᠠᠪᠤᠷᠠᠬᠤ ᠪᠢᠵᠡ᠂》ᠭᠡᠵᠦ ᠰᠣᠷᠬᠠᠨ ᠰᠢᠷ᠎ᠠ ᠶ᠋ᠢᠨ ᠭᠡᠷ ᠢ᠋ ᠵᠦᠭᠯᠡᠨ ᠤᠨᠤᠨ ᠮᠥᠷᠡᠨ ᠤᠷᠤᠭᠤ ᠶᠠᠪᠤᠪᠠ᠂
85᠂ ᠰᠣᠷᠬᠠᠨ ᠰᠢᠷ᠎ᠠ ᠶ᠋ᠢᠨ ᠭᠡᠷ ᠦ᠋ᠨ ᠲᠡᠮᠳᠡᠭ ᠨᠢ ᠰᠥᠨᠢ ᠲᠤᠷᠰᠢ ᠦᠷ ᠴᠠᠢᠲᠠᠯ᠎ᠠ ᠰᠦ ᠰᠠᠮᠠᠷᠴᠣ ᠡᠰᠦᠭ ᠢ᠋ᠶ᠋ᠡᠨ ᠪᠦᠯᠢᠬᠦ ᠪᠥᠯᠥᠭᠡ᠂ ᠲᠡᠷᠡ ᠲᠡᠮᠳᠡᠭ ᠢ᠋ ᠪᠠᠷᠢᠮᠲᠠᠯᠠᠵᠤ ᠪᠦᠯᠢᠭᠦᠷ ᠦ᠋ᠨ ᠴᠢᠮᠡᠭᠡ ᠶ᠋ᠢ ᠴᠢᠭᠯᠠᠵᠣ ᠣᠴᠢᠭᠠᠳ ᠭᠡᠷ ᠲᠦ᠍ ᠨᠢ ᠣᠷᠣᠪᠠᠯ ᠰᠣᠷᠬᠠᠨ ᠰᠢᠷ᠎ᠠ ᠥᠭᠦᠯᠡᠷᠦᠨ᠄ 《ᠴᠢᠮ᠎ᠠ ᠶ᠋ᠢ ᠡᠬᠡ ᠪᠠ ᠳᠡᠭᠦᠦ ᠨᠠᠷ ᠤ᠋ᠨ ᠵᠦᠭ ᠶᠠᠪᠤ ᠭᠡᠵᠦ ᠡᠰᠡ ᠬᠡᠯᠡᠯ᠎ᠡ ᠤᠤ ᠪᠢ᠂ ᠴᠢ ᠶᠠᠭᠤᠨ ᠳ᠋ᠤ᠌ ᠢᠷᠡᠪᠡ?》ᠭᠡᠪᠡ᠃ ᠲᠡᠭᠦᠨ ᠦ᠌ ᠬᠥᠪᠡᠭᠦᠨ ᠴᠢᠮᠪᠠᠢ ᠴᠢᠯᠠᠭᠤᠨ ᠬᠣᠶᠠᠷ ᠥᠭᠦᠯᠡᠷᠦᠨ᠄ 《ᠪᠣᠯᠵᠣᠮᠣᠷ ᠰᠢᠪᠠᠭᠤ ᠬᠠᠷᠴᠠᠭᠠᠢ ᠠ᠋ᠴᠠ ᠳᠤᠲᠠᠭᠠᠵᠤ ᠪᠤᠲᠠ ᠶ᠋ᠢᠨ ᠢᠷᠣᠭᠠᠷ ᠲᠤ᠌ ᠬᠣᠷᠭᠣᠳᠠᠪᠠᠯ ᠪᠤᠲᠠ ᠲᠡᠭᠦᠨ ᠢ᠋ ᠬᠠᠮᠠᠭᠠᠯᠠᠵᠤ ᠠᠪᠤᠷᠠᠨ᠎ᠠ᠂ ᠣᠳᠣ ᠪᠢᠳᠡᠨ ᠳ᠋ᠦ᠍ ᠬᠥᠮᠦᠨ ᠬᠣᠷᠣᠭᠳᠠᠵᠤ ᠢᠷᠡᠬᠦ ᠳ᠋ᠦ᠍ ᠲᠡᠭᠡᠵᠦ ᠬᠡᠯᠡᠵᠦ ᠶᠠᠭᠠᠬᠢᠵᠤ ᠪᠣᠯᠤᠨ᠎ᠠ》ᠭᠡᠵᠦ ᠡᠴᠢᠭᠡ ᠪᠡᠨ ᠪᠤᠷᠤᠭᠤᠰᠢᠶᠠᠵᠤ᠂ ᠳᠥᠩᠭᠡ ᠶ᠋ᠢ ᠡᠪᠳᠡᠯᠡᠵᠦ ᠭᠠᠯ ᠳ᠋ᠤ᠌ ᠲᠦᠯᠡᠭᠡᠳ᠂ ᠲᠡᠮᠦᠵᠢᠨ ᠢ᠋ ᠬᠣᠢᠲᠤ ᠣᠩᠭ᠋ᠠᠰᠣ ᠲᠠᠢ ᠬᠠᠷ᠎ᠠ (ᠮᠤᠬᠤᠯᠠᠭ) ᠲᠡᠷᠭᠡᠨ ᠳ᠋ᠦ᠍ ᠣᠷᠣᠭᠤᠯᠵᠤ᠂ 《ᠠᠮᠢᠲᠠᠨ ᠬᠥᠮᠦᠨ ᠳ᠋ᠦ᠍ ᠪᠤᠤ ᠬᠡᠯᠡ 》 ᠭᠡᠵᠦ ᠬᠠᠲᠠᠭᠠᠨ ᠨᠡᠷ᠎ᠡ ᠲᠡᠢ ᠥᠬᠢᠨ ᠳᠡᠭᠦᠦ ᠪᠡᠷ ᠠᠰᠠᠷᠠᠭᠤᠯᠪᠠ᠃
86᠂ ᠭᠤᠷᠪᠠᠳᠤᠭᠠᠷ ᠡᠳᠦᠷ 《ᠲᠦᠩᠬᠡᠲᠦ ᠬᠥᠮᠦᠨ ᠬᠠᠮᠢᠭ᠎ᠠ ᠬᠣᠯᠠᠳᠬᠤ ᠪᠢᠯᠡ᠂ ᠲᠡᠭᠦᠨ ᠢ᠋ ᠮᠠᠨ ᠤ᠋ ᠬᠢᠨ ᠨᠢᠭᠤᠭᠰᠠᠨ ᠪᠢᠵᠡ᠂ ᠣᠢᠷ᠎ᠠ ᠵᠠᠭᠠᠣᠷᠠ ᠶ᠋ᠢᠨ ᠠᠢᠯ ᠤ᠋ᠳ ᠢ᠋ᠶ᠋ᠠᠷ ᠨᠡᠭᠵᠢᠶᠡ 》ᠭᠡᠳ ᠠᠢᠯ ᠪᠦᠷᠢ ᠶ᠋ᠢ ᠨᠡᠭᠵᠢᠭᠰᠠᠬᠡᠷ ᠰᠣᠷᠬᠠᠨ ᠰᠢᠷ᠎ᠠ ᠶ᠋ᠢᠨ ᠳ᠋ᠦ᠍ ᠢᠷᠡᠵᠦ ᠭᠡᠷ ᠲᠡᠷᠭᠡ ᠪᠠ ᠢᠰᠡᠭᠡᠢ ᠶ᠋ᠢᠨ ᠳᠣᠣᠷ᠎ᠠ ᠬᠦᠷᠲᠡᠯ᠎ᠡ ;ᠨᠡᠩᠵᠢᠪᠡᠯ ᠬᠣᠢᠲᠤ ;ᠤᠩᠭᠠᠰᠤᠨ ᠲᠡᠷᠭᠡᠨ ᠳ᠋ᠦ᠍ ᠣᠴᠢᠵᠤ ᠠᠮᠠᠰᠠᠷ ᠳᠠᠬᠢ ᠣᠩᠭ᠋ᠠᠰᠣ ᠶ᠋ᠢ ᠲᠠᠲᠠᠯᠠᠵᠤ ᠲᠡᠮᠦᠵᠢᠨ ᠦ᠌ ᠬᠥᠯ ᠳ᠋ᠦ᠍ ᠬᠦᠷᠪᠡᠯ ᠰᠣᠷᠬᠠᠨ ᠰᠢᠷ᠎ᠠ ᠥᠭᠦᠯᠡᠷᠦᠨ᠄ 《ᠡᠢᠮᠦ ᠬᠠᠯᠠᠭᠤᠨ ᠴᠠᠭ ᠲᠤ᠌ ᠣᠩᠭ᠋ᠠᠰᠣᠨ ᠳᠣᠲᠣᠷ᠎ᠠ ᠠᠮᠢᠳᠤ ᠬᠥᠮᠦᠨ ᠶᠠᠭᠠᠬᠢᠵᠤ ᠪᠠᠢᠨ᠎ᠠ?》ᠭᠡᠪᠡᠯ ᠨᠡᠩᠵᠢᠭᠦᠯ ᠦ᠋ᠨ ᠬᠥᠮᠦᠰ ᠪᠠᠭᠤᠵᠤ ᠣᠳᠪᠠ᠃
87᠂ ᠲᠡᠷᠡ ᠨᠡᠩᠵᠢᠭᠦᠯ ᠢ᠋ ᠣᠳᠤᠭᠰᠠᠨ ᠬᠣᠢᠨ᠎ᠠ ᠲᠡᠮᠦᠵᠢᠨ ᠳ᠋ᠦ᠍ ᠰᠣᠷᠬᠠᠨ ᠰᠢᠷ᠎ᠠ ᠥᠭᠦᠯᠡᠷᠦᠨ᠄ 《ᠨᠠᠮ᠎ᠠ ᠶ᠋ᠢ ᠦᠨᠡᠰᠦ ᠪᠡᠷ ᠬᠡᠢᠰᠬᠡᠨ ᠠᠯᠳᠠᠪᠠ ᠴᠢ᠂ ᠣᠳᠣ ᠳᠠᠷᠤᠢ ᠡᠬᠡ ᠪᠠ ᠳᠡᠭᠦᠦ ᠨᠠᠷ ᠤ᠋ᠨ ᠵᠦᠭ ᠶᠠᠪᠤ》ᠭᠡᠵᠦ ᠠᠮᠠ ᠴᠠᠭᠠᠨ ᠡᠷᠡᠮᠡᠭ ᠬᠤᠯᠠᠭᠴᠢ ᠭᠡᠭᠦᠦ ᠶ᠋ᠢ ᠤᠨᠤᠭᠤᠯᠵᠤ᠂ ᠲᠡᠯᠡᠭᠡ ᠬᠤᠷᠠᠭ᠎ᠠ ᠶ᠋ᠢ ᠴᠢᠨᠠᠵᠤ ᠬᠥᠬᠦᠦᠷ (ᠤᠮᠳᠠ ᠶ᠋ᠢᠨ ᠲᠤᠯᠤᠮ) ᠪᠠ ᠨᠢᠭᠡ ᠨᠤᠮᠤ᠂ ᠬᠣᠶᠠᠷ ᠰᠤᠮᠤ ᠥᠭᠴᠦ᠂ ᠡᠮᠡᠭᠡᠯ ᠪᠠ ᠬᠡᠲᠡ ᠦᠭᠡᠢ ᠪᠡᠷ ᠶᠠᠪᠤᠭᠤᠯᠪᠠ᠃
88᠂ ᠲᠡᠮᠦᠵᠢᠨ ᠲᠡᠨᠳᠡ ᠡᠴᠡ ᠶᠠᠪᠤᠵᠤ ᠤᠷᠢᠳᠤ ᠶ᠋ᠢᠨ ᠰᠢᠪᠡᠭᠡᠯᠡᠭᠰᠡᠨ ᠭᠠᠵᠠᠷ ᠲᠤ᠌ ᠢᠷᠡᠭᠡᠳ ᠡᠪᠡᠰᠦᠨ ᠦ᠌ ᠨᠠᠯᠠᠷᠬᠠᠢ ᠪᠠᠷ ᠮᠥᠰᠬᠢᠨ ᠤᠨᠤᠨ ᠮᠥᠷᠡᠨ ᠥᠭᠡᠳᠡ ᠶᠠᠪᠤᠵᠤ᠂ ᠥᠷᠥᠨ᠎ᠡ ᠡᠴᠡ ᠤᠷᠤᠰᠬᠤ ᠬᠢᠮᠤᠷᠠᠭ᠎ᠠ ᠭᠣᠷᠣᠬᠠᠨ ᠳ᠋ᠤ᠌ ᠬᠦᠷᠪᠡ᠂ ᠬᠢᠮᠤᠷᠠᠭ᠎ᠠ ᠭᠣᠷᠣᠬᠠᠨ ᠤ᠋ ᠥᠭᠡᠳᠡ ᠥᠭᠰᠥᠵᠦ ᠪᠡᠲᠡᠷ ᠬᠤᠰᠢᠭᠤᠨ ᠤ᠋ ᠬᠤᠷᠴᠢᠬᠤᠢ ᠪᠣᠯᠳᠠᠬᠠ ᠭᠡᠳᠡᠭ ᠭᠠᠵᠠᠷ ᠬᠦᠷᠴᠦ ᠡᠬᠡ ᠳᠡᠭᠦᠦ ᠨᠠᠷ ᠲᠠᠢ ᠪᠠᠨ ᠤᠴᠠᠷᠠᠪᠠ᠃
89᠂ ᠲᠡᠨᠳᠡ ᠪᠦᠭᠦᠳᠡᠭᠡᠷ ᠨᠡᠢᠯᠡᠯᠳᠦᠵᠦ ᠪᠤᠷᠬᠠᠨ ᠬᠠᠯᠳᠤᠨ ᠤ᠋ ᠥᠪᠥᠷ ᠭᠥᠷᠯᠡᠬᠦ ᠳᠣᠲᠣᠷ᠎ᠠ ᠤᠷᠤᠰᠬᠤ ᠰᠠᠩᠬᠥᠷ ᠭᠣᠷᠣᠬ᠎ᠠ (ᠴᠡᠩᠬᠡᠷ ᠦ᠋ᠨ ᠭᠣᠣᠯ) ᠤ᠋ᠨ ᠬᠠᠷ᠎ᠠ ᠵᠢᠷᠦᠬᠡᠨ ᠦ᠌ ᠬᠥᠬᠡ ᠨᠠᠭᠤᠷ ᠭᠡᠳᠡᠭ ᠭᠠᠵᠠᠷ ᠣᠴᠢᠵᠤ ᠨᠤᠲᠤᠭᠯᠠᠭᠠᠳ ᠲᠠᠷᠪᠠᠭ᠎ᠠ ᠵᠤᠷᠠᠮ᠎ᠠ ᠠᠯᠠᠵᠤ ᠢᠳᠡᠨ ᠠᠮᠢᠳᠤᠷᠠᠪᠠ᠃
90᠂ ᠨᠢᠭᠡᠨ ᠡᠳᠦᠷ ᠭᠡᠷ ᠦ᠋ᠨ ᠳᠡᠷᠭᠡᠳᠡ ᠪᠠᠢᠭ᠎ᠠ ᠨᠠᠢ᠍ᠮᠠᠨ ᠰᠢᠷᠭ᠎ᠠ ᠠᠭᠲᠠ ᠶ᠋ᠢ ᠳᠡᠭᠡᠷᠡᠮ ᠢᠷᠡᠵᠦ ᠨᠢᠳᠦ ᠦᠵᠡᠲᠡᠯ᠎ᠡ ᠳᠡᠭᠡᠷᠡᠮᠳᠡᠵᠦ ᠣᠳᠬᠤ ᠳ᠋ᠤ᠌ ᠲᠡᠮᠦᠵᠢᠨ ᠨᠠᠷ ᠶᠠᠪᠠᠭᠠᠨ ᠲᠤᠯᠠ ᠬᠠᠷᠠᠭᠰᠠᠭᠠᠷ ᠬᠣᠴᠣᠷᠪᠠ᠃ ᠪᠡᠯᠭᠦᠳᠡᠢ ᠣᠭᠳᠣᠷ ᠬᠣᠩᠬᠣᠷ ᠮᠣᠷᠢ ᠶ᠋ᠢ ᠤᠨᠤᠵᠤ ᠲᠠᠷᠪᠠᠭ᠎ᠠ ᠠᠩᠨᠠᠬᠤ ᠪᠠᠷ ᠶᠠᠪᠤᠭᠰᠠᠨ ᠪᠢᠯᠡ᠂ ᠦᠳᠡᠰᠢ ᠨᠠᠷᠠ ᠰᠢᠩᠭᠡᠭᠰᠡᠨ ᠦ᠌ ᠬᠣᠢᠨ᠎ᠠ ᠣᠭᠳᠣᠷ ᠬᠣᠩᠬᠣᠷ ᠮᠣᠷᠢᠨ ᠳ᠋ᠤ᠌ ᠪᠠᠨ ᠲᠠᠷᠪᠠᠭ᠎ᠠ ᠨᠤᠭᠤᠳ ᠢ᠋ ᠳᠠᠭᠠᠭᠠᠵᠤ ᠶᠠᠳᠠᠲᠠᠯ᠎ᠠ ᠠᠴᠢᠵᠤ ᠶᠠᠪᠠᠭᠠᠨ ᠬᠥᠲᠥᠯᠵᠦ ᠢᠷᠡᠪᠡ᠂ 《ᠰᠢᠷᠭ᠎ᠠ ᠠᠭᠲᠠ ᠨᠤᠭᠤᠳ ᠢ᠋ ᠳᠡᠭᠡᠷᠡᠮ ᠠᠪᠴᠤ ᠣᠳᠪᠠ》ᠭᠡᠪᠡᠯ᠂ ᠪᠡᠯᠭᠦᠳᠡᠢ 《ᠪᠢ ᠨᠡᠬᠡᠶ᠎ᠡ》ᠭᠡᠪᠡ᠃ ᠬᠠᠰᠠᠷ ᠥᠭᠦᠯᠡᠷᠦᠨ᠄ 《ᠴᠢ ᠴᠢᠳᠠᠬᠤ ᠦᠭᠡᠢ᠂ ᠪᠢ ᠨᠡᠬᠡᠶ᠎ᠡ》ᠭᠡᠪᠡ᠃ ᠲᠡᠮᠦᠵᠢᠨ ᠥᠭᠦᠯᠡᠷᠦᠨ᠄ 《 ᠲᠠ ᠨᠠᠷ ᠴᠢᠳᠠᠬᠤ ᠦᠭᠡᠢ᠂ ᠪᠢ ᠨᠡᠬᠡᠶ᠎ᠡ》ᠭᠡᠵᠦ ᠣᠭᠳᠣᠷ ᠬᠣᠩᠬᠣᠷ ᠢ᠋ ᠤᠨᠤᠭᠠᠳ ᠰᠢᠷᠭ᠎ᠠ ᠠᠭᠲᠠ ᠶ᠋ᠢᠨ ᠡᠪᠡᠰᠦᠨ ᠦ᠌ ᠨᠠᠯᠠᠷᠬᠠᠢ ᠪᠠᠷ ᠮᠥᠰᠬᠢᠨ ᠬᠥᠭᠡᠭᠡᠵᠦ ᠭᠤᠷᠪᠠ ᠬᠣᠨᠣᠭ ᠶᠠᠪᠤᠭᠠᠳ ᠨᠢᠭᠡᠨ ᠥᠷᠯᠥᠭᠡ ᠣᠯᠠᠨ ᠠᠳᠤᠭᠤᠨ ᠳ᠋ᠤ᠌ ᠬᠦᠷᠪᠡᠯ ᠨᠢᠭᠡ ᠭᠠᠪᠰᠢᠭᠠᠢ ᠬᠥᠪᠡᠭᠦᠨ ᠭᠡᠭᠦᠦ ᠰᠠᠭᠠᠵᠤ ᠪᠠᠢᠪᠠ᠂ ᠲᠡᠭᠦᠨ ᠲᠡᠢ ᠠᠭᠤᠯᠵᠠᠵᠤ ᠰᠢᠷᠭ᠎ᠠ ᠠᠭᠲᠠ ᠪᠠᠨ ᠰᠤᠷᠠᠭᠯᠠᠪᠠᠯ᠂ ᠲᠡᠷᠡ ᠬᠥᠪᠡᠭᠦᠨ ᠥᠭᠦᠯᠡᠷᠦᠨ᠄ 《ᠡᠨᠡ ᠥᠷᠯᠥᠭᠡ ᠨᠠᠷᠠ ᠤᠷᠭᠤᠬᠤ ᠶ᠋ᠢᠨ ᠤᠷᠢᠳᠤ ᠨᠢᠮᠡᠨ ᠰᠢᠷᠭ᠎ᠠ ᠮᠣᠷᠢ ᠶ᠋ᠢ ᠡᠭᠦᠪᠡᠷ ᠬᠥᠭᠡᠭᠡᠵᠦ ᠭᠠᠷᠪᠠ᠂ ᠮᠥᠷ ᠢ᠋ ᠨᠢ ᠪᠢ ᠵᠢᠭᠠᠵᠤ ᠦᠭᠶ᠎ᠡ》ᠭᠡᠳ ᠣᠭᠳᠣᠷ ᠬᠣᠩᠬᠣᠷ ᠢ᠋ ᠲᠠᠯᠪᠢᠭᠤᠯᠵᠤ ᠤᠷᠤᠭ ᠰᠢᠩᠬᠤᠯᠠ ᠮᠣᠷᠢ ᠶ᠋ᠢ ᠲᠡᠮᠦᠵᠢᠨ ᠳ᠋ᠦ᠍ ᠤᠨᠤᠭᠤᠯᠪᠠ᠃ ᠥᠪᠡᠷ ᠢ᠋ᠶ᠋ᠡᠨ ᠬᠤᠷᠳᠤᠨ ᠬᠣᠧᠨ ᠮᠣᠷᠢ ᠶ᠋ᠢ ᠤᠨᠤᠵᠤ ᠭᠡᠷ ᠲᠦ᠍ ᠪᠡᠨ ᠬᠠᠷᠢᠯ ᠦᠭᠡᠢ ᠨᠠᠮᠪᠣᠬᠠ (ᠬᠥᠬᠦᠦᠷ) ; ᠰᠠᠭᠤᠯᠭ᠎ᠠ ᠪᠠᠨ ᠬᠡᠭᠡᠷ᠎ᠡ ᠪᠣᠭᠣᠵᠤ ᠲᠠᠯᠪᠢᠪᠠ᠃ ᠲᠡᠭᠡᠭᠡᠳ ᠥᠭᠦᠯᠡᠷᠦᠨ᠄ 《ᠨᠥᠬᠥᠷ ᠴᠢ ᠶᠡᠬᠡ ᠮᠣᠩᠬᠢᠨᠠᠵᠣ ᠶᠠᠪᠤᠭ᠎ᠠ ᠠᠵᠠᠢ᠂ ᠡᠷ᠎ᠡ ᠶ᠋ᠢᠨ ᠮᠤᠩ (ᠪᠡᠷᠬᠡᠰᠢᠶᠡᠯ) ᠨᠢᠭᠡᠨ ᠠᠳᠠᠯᠢ ᠪᠣᠢ᠂ ᠪᠢ ᠴᠢᠮ᠎ᠠ ᠳ᠋ᠤ᠌ ᠨᠥᠬᠥᠷ ᠪᠣᠯᠤᠶ᠎ᠠ᠂ ᠮᠢᠨᠦ ᠡᠴᠢᠭᠡ ᠨᠠᠬᠤ ᠪᠠᠶᠠᠨ ᠭᠡᠳᠡᠭ᠂ ᠪᠢ ᠲᠡᠭᠦᠨ ᠦ᠌ ᠭᠠᠭᠴᠠ ᠬᠥᠪᠡᠭᠦᠨ ᠮᠢᠨᠦ ᠨᠡᠷ᠎ᠡ ᠪᠣᠭᠣᠷᠴᠤ ᠭᠡᠳᠡᠭ》ᠭᠡᠳ ᠬᠣᠶᠠᠭᠤᠯᠠ ᠪᠠᠨ ᠮᠣᠷᠳᠠᠵᠤ ᠰᠢᠷᠭ᠎ᠠ ᠮᠣᠷᠢᠳ ᠢ᠋ ᠮᠥᠷ ᠢ᠋ᠶ᠋ᠡᠷ ᠨᠢ ᠮᠥᠰᠬᠢᠵᠦ ᠭᠤᠷᠪᠠᠨ ᠬᠣᠨᠣᠭ ᠶᠠᠪᠤᠪᠠ᠂ ᠨᠢᠭᠡᠨ ᠦᠳᠡᠰᠢ ᠨᠠᠷᠠᠨ ᠤ᠋ ᠭᠡᠷᠡᠯ ᠠᠭᠤᠯᠠ ᠲᠡᠰᠢᠵᠦ ᠪᠦᠬᠦᠢ ᠴᠠᠭ ᠲᠤ᠌ ᠨᠢᠭᠡᠨ ᠬᠦᠷᠢᠶ᠎ᠡ ᠢᠷᠭᠡᠨ ᠳ᠋ᠦ᠍ ᠬᠦᠷᠪᠡᠯ ᠨᠢᠮᠡᠨ ᠰᠢᠷᠭ᠎ᠠ ᠮᠣᠷᠢ ᠨᠢ ᠲᠡᠷᠡ ᠬᠦᠷᠢᠶᠡᠨ ᠦ᠌ ᠵᠠᠬ᠎ᠠ ᠳ᠋ᠤ᠌ ᠡᠪᠡᠰᠦ ᠢᠳᠡᠵᠦ ᠪᠠᠢᠪᠠ᠂ ᠲᠡᠮᠦᠵᠢᠨ ᠥᠭᠦᠯᠡᠷᠦᠨ᠄ 《ᠨᠥᠬᠥᠷ ᠴᠢ ᠡᠨᠳᠡ ᠪᠡᠨ ᠪᠠᠢ᠂ ᠮᠠᠨ ᠤ᠋ ᠰᠢᠷᠭ᠎ᠠ ᠮᠣᠷᠢᠳ ᠲᠡᠷᠡ ᠪᠠᠢᠨ᠎ᠠ᠂ ᠪᠢ ᠲᠡᠭᠦᠨ ᠢ᠋ ᠬᠥᠭᠡᠭᠡᠵᠦ ᠢᠷᠡᠶ᠎ᠡ》ᠭᠡᠪᠡᠯ ᠪᠣᠭᠣᠷᠴᠤ ᠥᠭᠦᠯᠡᠷᠦᠨ᠄ 《ᠪᠢ ᠴᠢᠮ᠎ᠠ ᠳ᠋ᠤ᠌ ᠨᠥᠬᠥᠷ ᠪᠣᠯᠵᠤ ᠢᠷᠡᠭᠡᠳ ᠡᠨᠳᠡ ᠶᠠᠭᠠᠬᠢᠵᠤ ᠦᠯᠡᠳᠡᠨ᠎ᠡ》ᠭᠡᠳ ᠬᠣᠶᠠᠭᠤᠯᠠ ᠪᠠᠨ ᠬᠠᠮᠲᠤ ᠳᠣᠪᠲᠣᠯᠵᠤ ᠣᠷᠣᠭᠠᠳ ᠰᠢᠷᠭ᠎ᠠ ᠮᠣᠷᠢᠳ ᠢ᠋ ᠬᠥᠭᠡᠭᠡᠵᠦ ᠭᠠᠷᠪᠠ᠃
91᠂ ᠬᠣᠢᠨ᠎ᠠ ᠠ᠋ᠴᠠ ᠨᠢ ᠣᠯᠠᠨ ᠬᠥᠮᠦᠨ ᠴᠤᠪᠤᠷᠠᠯᠳᠤᠨ ᠬᠥᠭᠡᠭᠡᠪᠡ᠂ ᠲᠡᠳᠡᠨ ᠦ᠌ ᠳᠣᠲᠣᠷ᠎ᠠ ᠠ᠋ᠴᠠ ᠨᠢᠭᠡᠨ ᠴᠠᠭᠠᠨ ᠮᠣᠷᠢ ᠲᠠᠢ (ᠤᠯᠠᠭᠠᠨ ᠳᠡᠪᠡᠯ ᠲᠡᠢ) ᠬᠥᠮᠦᠨ ᠤᠷᠭ᠎ᠠ ᠪᠠᠷᠢᠵᠤ ᠭᠠᠭᠴᠠᠭᠠᠷ ᠭᠦᠢᠴᠡᠵᠦ ᠢᠷᠡᠬᠦ ᠳ᠋ᠦ᠍ ᠪᠣᠭᠣᠷᠴᠤ ᠥᠭᠦᠯᠡᠷᠦᠨ᠄《ᠨᠥᠬᠥᠷ ᠴᠢ ᠨᠤᠮᠤ ᠰᠤᠮᠤ ᠪᠠᠨ ᠨᠠᠳᠠ ᠳ᠋ᠤ᠌ ᠥᠭ᠂ ᠪᠢ ᠬᠠᠷᠪᠤᠯᠳᠤᠶ᠎ᠠ》ᠭᠡᠪᠡᠯ ᠲᠡᠮᠦᠵᠢᠨ ᠥᠭᠦᠯᠡᠷᠦᠨ᠄ 《ᠮᠢᠨᠦ ᠲᠥᠯᠥᠭᠡ ᠴᠢ ᠥᠷᠥᠰᠳᠡᠭᠦᠵᠡᠢ᠂ ᠪᠢ ᠬᠠᠷᠪᠤᠯᠳᠤᠶ᠎ᠠ》ᠭᠡᠵᠦ ᠡᠷᠭᠢᠵᠦ ᠬᠠᠷᠪᠤᠯᠳᠤᠪᠠ᠂ ᠲᠡᠷᠡ ᠴᠠᠭᠠᠨ ᠮᠣᠷᠢ ᠲᠠᠢ ᠬᠥᠮᠦᠨ ᠤᠷᠭ᠎ᠠ ᠪᠠᠨ ᠳᠣᠬᠢᠭᠰᠠᠭᠠᠷ ᠬᠣᠴᠣᠷᠪᠠᠯ ᠬᠣᠢᠲᠤᠬᠢ ᠨᠥᠬᠥᠳ ᠨᠢ ᠤᠪᠤᠨ ᠴᠤᠪᠤᠨ ᠭᠦᠢᠴᠡᠵᠦ ᠢᠷᠡᠭᠰᠡᠨ ᠪᠣᠯᠪᠠᠴᠤ ᠨᠢᠭᠡᠨᠲᠡ ᠨᠠᠷᠠ ᠠᠭᠤᠯᠠ ᠲᠠᠰᠢᠨ ᠰᠢᠩᠭᠡᠵᠦ ᠪᠦᠷᠦᠩᠬᠦᠢ ᠪᠣᠯᠤᠭᠰᠠᠨ ᠲᠤᠯᠠ ᠲᠡᠳᠡ ᠨᠡᠬᠡᠵᠦ ᠴᠢᠳᠠᠬᠤ ᠦᠭᠡᠢ ᠬᠣᠴᠣᠷᠪᠠ᠃
92᠂ ᠲᠡᠮᠦᠵᠢᠨ ᠪᠣᠭᠣᠷᠴᠤ ᠬᠣᠶᠠᠭᠤᠯᠠ ᠮᠣᠷᠢᠳ ᠢ᠋ᠶ᠋ᠠᠨ ᠠᠪᠴᠤ ᠲᠡᠷᠡ ᠰᠥᠨᠢ ᠲᠤᠷᠰᠢ ᠶᠠᠪᠤᠭᠠᠳ ᠭᠤᠷᠪᠠᠨ ᠡᠳᠦᠷ ᠭᠤᠷᠪᠠᠨ ᠰᠥᠨᠢ ᠶᠠᠪᠤᠵᠤ ᠪᠣᠭᠣᠷᠴᠤ ᠶ᠋ᠢᠨ ᠭᠡᠷ ᠲᠦ᠍ ᠣᠢᠷᠠᠲᠤᠪᠠᠯ᠂ ᠲᠡᠮᠦᠵᠢᠨ ᠥᠭᠦᠯᠡᠷᠦᠨ᠄ 《ᠪᠢ ᠴᠢᠮ᠎ᠠ ᠦᠭᠡᠢ ᠪᠣᠯ ᠡᠨᠡ ᠮᠣᠷᠢᠳ ᠢ᠋ᠶ᠋ᠠᠨ ᠶᠠᠭᠠᠬᠢᠵᠤ ᠠᠪᠴᠤ ᠴᠢᠳᠠᠬᠤ ᠪᠢᠯᠡ? ᠪᠢ ᠬᠡᠳᠦ ᠶ᠋ᠢ ᠠᠪᠬᠤ ᠪᠣᠢ᠂ ᠴᠢ ᠬᠡᠳᠦ ᠶ᠋ᠢ ᠠᠪᠬᠤ ᠪᠣᠢ?》ᠭᠡᠪᠡᠯ ᠪᠣᠭᠣᠷᠴᠤ ᠥᠭᠦᠯᠡᠷᠦᠨ᠄ 《ᠪᠢ ᠰᠠᠢᠨ ᠨᠥᠬᠥᠷ ᠴᠢᠮ᠎ᠠ ᠶ᠋ᠢ ᠮᠣᠩᠬᠢᠨᠠᠵᠣ ᠶᠠᠪᠤᠨ᠎ᠠ ᠭᠡᠵᠦ ᠲᠤᠰᠠ ᠪᠣᠯᠬᠤ ᠪᠠᠷ ᠬᠠᠨᠢᠯᠠᠵᠤ ᠶᠠᠪᠤᠭᠰᠠᠨ ᠪᠢᠯᠡ᠂ ᠪᠢ ᠣᠯᠵᠠ ᠡᠷᠢᠭᠰᠡᠨ ᠦᠭᠡᠢ᠂ ᠪᠢ ᠨᠠᠬᠤ ᠪᠠᠶᠠᠨ ᠤ᠋ ᠭᠠᠭᠴᠠ ᠬᠥᠪᠡᠭᠦᠨ ᠲᠤᠯᠠ ᠮᠢᠨᠦ ᠡᠴᠢᠭᠡ ᠶ᠋ᠢᠨ ᠵᠥᠭᠡᠭᠡᠭᠰᠡᠨ ᠬᠤᠷᠢᠶᠠᠭᠰᠠᠨ ᠬᠥᠷᠥᠩᠭᠡ ᠨᠠᠳᠠ ᠳ᠋ᠤ᠌ ᠡᠯᠪᠡᠭ ᠬᠦᠷᠦᠨ᠎ᠡ》 ᠭᠡᠵᠦ ᠡᠰᠡ ᠠᠪᠤᠪᠠ᠃
93᠂ ᠬᠣᠶᠠᠭᠤᠯᠠ ᠪᠠᠨ ᠨᠠᠬᠤ ᠪᠠᠶᠠᠨ ᠤ᠋ ᠭᠡᠷ ᠲᠦ᠍ ᠬᠦᠷᠪᠡᠯ᠂ ᠬᠥᠪᠡᠭᠦᠨ ᠢ᠋ᠶ᠋ᠡᠨ ᠠᠯᠳᠠᠪᠠ ᠭᠡᠳ ᠨᠢᠰᠦ ᠨᠢᠯᠪᠤᠰᠤ ᠪᠣᠯᠵᠤ ᠪᠠᠢᠭᠰᠠᠨ ᠨᠠᠬᠤ ᠪᠠᠶᠠᠨ ᠬᠥᠪᠡᠭᠦᠨ ᠦ᠌ ᠪᠡᠨ ᠢᠷᠡᠭᠰᠡᠨ ᠢ᠋ ᠦᠵᠡᠭᠡᠳ ᠨᠢᠭᠡ ᠤᠬᠢᠯᠠᠵᠤ ᠨᠢᠭᠡ ᠵᠠᠩᠨᠠᠵᠤ᠄ 《ᠬᠥᠪᠡᠭᠦᠨ ᠮᠢᠨᠢ᠂ ᠶᠠᠭᠤ ᠪᠣᠯᠤᠭᠰᠠᠨ ᠢ᠋ᠶ᠋ᠠᠨ ᠬᠡᠯᠡ》ᠭᠡᠪᠡᠯ᠂ ᠪᠣᠭᠣᠷᠴᠤ ᠥᠭᠦᠯᠡᠷᠦᠨ᠄ 《ᠡᠨᠡ ᠰᠠᠢᠨ ᠨᠥᠬᠥᠷ ᠮᠣᠩᠬᠢᠨᠠᠵᠣ ᠶᠠᠪᠤᠬᠤ ᠶ᠋ᠢ ᠦᠵᠡᠭᠡᠳ ᠬᠠᠮᠲᠤ ᠣᠳᠤᠭᠰᠠᠨ ᠪᠢᠯᠡ᠂ ᠣᠳᠣ ᠬᠠᠷᠢᠨ ᠢᠷᠡᠪᠡ》ᠭᠡᠳ ᠮᠣᠷᠳᠠᠵᠤ᠂ ᠬᠡᠭᠡᠷ᠎ᠡ ᠪᠣᠭᠣᠵᠤ ᠲᠠᠯᠪᠢᠭᠰᠠᠨ ᠨᠠᠮᠪᠣᠬᠠ ᠰᠠᠭᠤᠯᠭ᠎ᠠ ᠪᠠᠨ ᠠᠪᠴᠤ ᠢᠷᠡᠪᠡ᠂ ᠲᠡᠮᠦᠵᠢᠨ ᠳ᠋ᠦ᠍ ᠲᠡᠳᠡ ᠲᠡᠯᠡᠭᠡ ᠬᠤᠷᠠᠭ᠎ᠠ ᠠᠯᠠᠵᠤ ᠬᠦᠨᠡᠰᠦ ᠪᠡᠯᠡᠳᠬᠡᠭᠡᠳ ᠪᠠᠰᠠ ᠭᠠᠨᠵᠤᠭ᠎ᠠ ᠶ᠋ᠢᠨ ᠲᠤᠯᠤᠮ ᠥᠭᠪᠡ᠂ ᠨᠠᠬᠤ ᠪᠠᠶᠠᠨ ᠥᠭᠦᠯᠡᠷᠦᠨ᠄ 《ᠬᠣᠶᠠᠷ ᠵᠠᠯᠠᠭᠤᠰ ᠡᠭᠦᠨ ᠡᠴᠡ ᠬᠣᠢᠰᠢ ᠰᠠᠢᠬᠠᠨ ᠨᠥᠬᠥᠷᠯᠡ᠂ ᠪᠡᠶ᠎ᠡ ᠪᠠᠶᠠᠨ ᠢ᠋ᠶ᠋ᠠᠨ ᠪᠢᠲᠡᠭᠡᠢ ᠣᠷᠭᠢ》ᠭᠡᠪᠡ᠃ ᠲᠡᠨᠳᠡ ᠡᠴᠡ ᠲᠡᠮᠦᠵᠢᠨ ᠮᠣᠷᠳᠠᠵᠤ ᠭᠤᠷᠪᠠᠨ ᠡᠳᠦᠷ ᠭᠤᠷᠪᠠᠨ ᠰᠥᠨᠢ ᠶᠠᠪᠤᠭᠠᠳ ᠰᠠᠩᠬᠥᠷ ᠭᠣᠷᠣᠬᠠᠨ ᠳ᠋ᠤ᠌ ᠪᠠᠢᠭ᠎ᠠ ᠭᠡᠷ ᠲᠦ᠍ ᠪᠡᠨ ᠬᠦᠷᠪᠡ᠂ ᠲᠡᠮᠦᠵᠢᠨ ᠢ᠋ ᠢᠷᠡᠬᠦ ᠳ᠋ᠦ᠍ ᠥᠭᠡᠯᠦᠨ ᠡᠬᠡ᠂ ᠬᠠᠰᠠᠷ ᠬᠢᠭᠡᠳ ᠳᠡᠭᠦᠦ ᠨᠠᠷ ᠤ᠋ᠨ ᠵᠣᠪᠠᠨᠢᠯ ᠲᠠᠢᠯᠤᠭᠳᠠᠵᠤ ᠰᠡᠳᠬᠢᠯ ᠪᠡᠶᠡᠰᠪᠡ᠃
94᠂ ᠤᠷᠢᠳᠤ ᠪᠥᠷᠲᠡ ᠦᠵᠢᠨ ᠢ᠋ ᠲᠡᠮᠦᠵᠢᠨ ᠶᠢᠰᠦᠨ ᠨᠠᠰᠤ ᠲᠠᠢ ᠪᠠᠢᠬᠤ ᠳ᠋ᠤ᠌ ᠪᠠᠨ ᠦᠵᠡᠵᠦ ᠢᠷᠡᠭᠰᠡᠨ ᠡᠴᠡ ᠬᠣᠢᠰᠢ ᠳᠠᠬᠢᠨ ᠠᠭᠤᠯᠵᠠᠭ᠎ᠠ ᠦᠭᠡᠢ ᠪᠢᠯᠡ᠂ ᠣᠳᠣ ᠲᠡᠮᠦᠵᠢᠨ ᠪᠡᠯᠭᠦᠳᠡᠢ ᠬᠣᠶᠠᠭᠤᠯᠠ ᠪᠥᠷᠲᠡ ᠦᠵᠢᠨ ᠢ᠋ ᠡᠷᠢᠬᠦ ᠪᠡᠷ ᠬᠡᠷᠦᠯᠦᠨ ᠮᠥᠷᠡᠨ ᠤᠷᠤᠭᠤ ᠶᠠᠪᠤᠪᠠ᠂ ᠴᠡᠭᠴᠡᠷ ᠴᠢᠬᠢᠷᠭᠣ ᠬᠣᠶᠠᠷ ᠤ᠋ᠨ ᠵᠠᠪᠰᠠᠷ ᠬᠣᠩᠭᠢᠷᠠᠳ ᠤ᠋ᠨ ᠳ᠋ᠠᠢ ᠰᠡᠴᠡᠨ ᠨᠤᠲᠤᠭᠯᠠᠨ ᠪᠠᠢᠭ᠎ᠠ ᠠᠵᠠᠢ᠂ ᠳ᠋ᠠᠢ ᠰᠡᠴᠡᠨ ᠲᠡᠮᠦᠵᠢᠨ ᠢ᠋ ᠦᠵᠡᠵᠦ ᠮᠠᠰᠢ ᠶᠡᠬᠡ ᠪᠡᠶᠡᠰᠴᠦ ᠥᠭᠦᠯᠡᠷᠦᠨ᠄ 《 ᠠᠬ᠎ᠠ ᠳᠡᠭᠦᠦ ᠲᠠᠢᠴᠢᠭᠤᠳ ᠨᠠᠷ ᠴᠢᠮ᠎ᠠ ᠳ᠋ᠤ᠌ ᠠᠲᠠᠭᠠᠷᠬᠠᠨ ᠬᠣᠷᠣᠰᠬᠤ ᠶ᠋ᠢ ᠪᠢ ᠮᠡᠳᠡᠬᠦ ᠲᠤᠯᠠ ᠴᠢᠨᠦ ᠲᠤᠬᠠᠢ ᠰᠡᠳᠬᠢᠯ ᠵᠣᠪᠠᠨᠢᠭᠰᠠᠭᠠᠷ ᠴᠦᠬᠥᠷᠬᠥ ᠳ᠋ᠦ᠍ ᠬᠦᠷᠦᠭᠰᠡᠨ ᠪᠢᠯᠡ᠂ ᠣᠳᠣ ᠴᠢᠮ᠎ᠠ ᠲᠠᠢ ᠠᠭᠤᠯᠵᠠᠪᠠ᠂》ᠭᠡᠳ ᠪᠥᠷᠲᠡ ᠥᠵᠢᠨ ᠢ᠋ ᠲᠡᠮᠦᠵᠢᠨ ᠳ᠋ᠦ᠍ ᠥᠭᠪᠡ᠂ ᠲᠡᠮᠦᠵᠢᠨ ᠪᠥᠷᠲᠡ ᠥᠵᠢᠨ ᠢ᠋ ᠠᠪᠴᠤ ᠬᠠᠮᠲᠤ ᠪᠤᠴᠠᠬᠤ ᠳ᠋ᠤ᠌ ᠳ᠋ᠠᠢ ᠰᠡᠴᠡᠨ ᠦᠳᠡᠵᠦ ᠶᠠᠪᠤᠭᠠᠳ ᠬᠡᠷᠦᠯᠦᠨ ᠦ᠌ ᠤᠷᠤᠭ ᠴᠦᠯ ᠭᠡᠳᠡᠭ ᠭᠠᠵᠠᠷ ᠬᠦᠷᠴᠦ (ᠬᠠᠯᠠᠭᠤᠨ ᠳ᠋ᠤ᠌ ᠶᠠᠳᠠᠷᠠᠬᠤ ᠲᠤᠯᠠ) ; ᠬᠡᠷᠦᠯᠦᠨ ᠤᠷᠤᠭᠤ ᠭᠡᠳᠡᠷᠭᠦ ᠪᠤᠴᠠᠪᠠ᠂ ᠳ᠋ᠠᠢ ᠰᠡᠴᠡᠨ ᠦ᠌ ᠭᠡᠷᠭᠡᠢ ᠴᠣᠳᠠᠨ ᠥᠬᠢᠨ ᠪᠥᠷᠲᠡ ᠦᠵᠢᠨ ᠢ᠋ ᠦᠳᠡᠵᠦ ᠭᠥᠷᠯᠡᠬᠦ ᠳᠣᠲᠣᠷ᠎ᠠ ᠰᠠᠩᠬᠥᠷ ᠭᠣᠷᠣᠬᠠᠨ ᠳ᠋ᠤ᠌ ᠬᠦᠷᠭᠡᠵᠦ ᠢᠷᠡᠪᠡ᠃
95᠂ ᠴᠦᠳᠡᠨ ᠢ᠋ ᠬᠠᠷᠢᠭᠤᠯᠤᠭᠠᠳ ᠪᠣᠭᠣᠷᠴᠤ ᠲᠠᠢ ᠨᠥᠬᠥᠷᠯᠡᠶ᠎ᠡ ᠭᠡᠵᠦ ᠤᠷᠢᠵᠤ ᠪᠡᠯᠭᠦᠳᠡᠢ ᠶ᠋ᠢ ᠢᠯᠡᠭᠡᠪᠡ᠂ ᠪᠡᠯᠭᠦᠳᠡᠢ ᠶ᠋ᠢ ᠢᠷᠡᠮᠡᠭᠴᠡ ᠪᠣᠭᠣᠷᠴᠤ ᠡᠴᠢᠭᠡ ᠳ᠋ᠦ᠍ ᠪᠡᠨ ᠦᠯᠦ ᠬᠡᠯᠡᠨ ᠪᠥᠭᠲᠥᠷ ᠬᠣᠩᠬᠣᠷ ᠢ᠋ ᠤᠨᠤᠭᠠᠳ ᠥᠷᠮᠥᠭ ᠢ᠋ᠶ᠋ᠡᠨ (ᠬᠡᠪᠡᠨᠡᠭ) ᠠᠪᠴᠤ ᠪᠡᠯᠭᠦᠳᠡᠢ ᠶ᠋ᠢᠨ ᠬᠠᠮᠲᠤ ᠶᠠᠪᠤᠵᠤ ᠢᠷᠡᠪᠡ᠂ ᠪᠣᠭᠣᠷᠴᠤ ᠶ᠋ᠢᠨ ᠲᠡᠮᠦᠵᠢᠨ ᠲᠡᠢ ᠨᠥᠬᠥᠷᠯᠡᠭᠰᠡᠨ ᠶᠣᠰᠣ ᠲᠡᠢᠮᠦ᠃
96᠂ ᠲᠡᠮᠦᠵᠢᠨ ᠨᠠᠷ ᠰᠠᠩᠬᠥᠷ ᠭᠣᠷᠣᠬᠠᠨ ᠠ᠋ᠴᠠ ᠨᠡᠭᠦᠵᠦ ᠬᠡᠷᠦᠯᠦᠨ ᠮᠥᠷᠡᠨ ᠦ᠌ ᠡᠬᠢ ᠪᠦᠷᠭᠢ ᠡᠷᠭᠢ ᠳ᠋ᠦ᠍ ᠪᠠᠭᠤᠵᠤ ᠨᠤᠲᠤᠭᠯᠠᠬᠤ ᠴᠠᠭ ᠲᠤ᠌ ᠴᠣᠳᠠᠨ ᠡᠬᠡ ᠶ᠋ᠢᠨ ᠰᠢᠳᠡᠭᠦᠯ (ᠡᠮᠦᠰᠬᠡᠯ) ᠭᠡᠵᠦ ᠠᠪᠴᠢᠷᠠᠭᠰᠠᠨ ᠬᠠᠷ᠎ᠠ ᠪᠤᠯᠠᠭᠠᠨ ᠳᠠᠬᠤ ᠶ᠋ᠢ ᠠᠪᠴᠤ ᠲᠡᠮᠦᠵᠢᠨ᠂ ᠬᠠᠰᠠᠷ᠂ ᠪᠡᠯᠭᠦᠳᠡᠢ ᠭᠤᠷᠪᠠᠭᠤᠯᠠ ᠶᠢᠰᠦᠭᠡᠢ ᠡᠴᠢᠭᠡ ᠶ᠋ᠢᠨ ᠬᠠᠭᠤᠴᠢᠨ ᠳᠣᠲᠣᠨᠣ ᠠᠨᠳᠠ ᠸᠠᠩ ᠬᠠᠨ ᠲᠠᠢ ᠠᠭᠤᠯᠵᠠᠬᠤ ᠪᠠᠷ ᠣᠴᠢᠪᠠ᠃ ᠡᠴᠢᠭᠡ ᠶ᠋ᠢᠨ ᠠᠨᠳᠠ ᠪᠣᠯ ᠡᠴᠢᠭᠡ ᠮᠡᠲᠦ ᠪᠢᠵᠡ ᠭᠡᠵᠦ ᠸᠠᠩ ᠬᠠᠨ ᠢ᠋ ᠲᠤᠤᠯᠠ ᠭᠣᠣᠯ ᠤ᠋ᠨ ᠰᠢᠭᠤᠢ ᠳ᠋ᠤ᠌ ᠨᠤᠲᠤᠭᠯᠠᠨ ᠪᠠᠢᠬᠤ ᠳ᠋ᠤ᠌ ᠬᠦᠷᠴᠦ ᠣᠴᠢᠭᠠᠳ ᠲᠡᠮᠦᠵᠢᠨ ᠥᠭᠦᠯᠡᠷᠦᠨ᠄ 《ᠡᠴᠢᠭᠡ ᠶ᠋ᠢᠨ ᠬᠠᠭᠤᠴᠢᠨ ᠠᠨᠳᠠ ᠲᠠ᠂ ᠮᠢᠨᠦ ᠡᠴᠢᠭᠡ ᠶ᠋ᠢᠨ ᠠᠳᠠᠯᠢ ᠪᠤᠶᠤ ᠭᠡᠵᠦ ᠪᠢ ᠭᠡᠷᠭᠡᠢ ᠠᠪᠤᠭᠠᠳ ᠡᠮᠦᠰᠬᠡᠯ ᠬᠠᠷ᠎ᠠ ᠪᠤᠯᠠᠭᠠᠨ ᠳᠠᠬᠤ ᠶ᠋ᠢ ᠴᠢᠮ᠎ᠠ ᠳ᠋ᠤ᠌ ᠠᠪᠴᠢᠷᠠᠪᠠ᠂》ᠭᠡᠵᠦ ᠪᠤᠯᠠᠭᠠᠨ ᠳᠠᠬᠤ ᠪᠠᠨ ᠥᠭᠪᠡ᠃ ᠸᠠᠩ ᠬᠠᠨ ᠮᠠᠰᠢ ᠶᠡᠬᠡ ᠪᠡᠶᠡᠰᠴᠦ ᠥᠭᠦᠯᠡᠷᠦᠨ᠄ 《ᠬᠠᠷ᠎ᠠ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ ᠬᠠᠭᠠᠴᠠᠭᠰᠠᠨ ᠤᠯᠤᠰ ᠢ᠋ ᠴᠢᠨᠢ ᠬᠠᠮᠲᠤᠳᠬᠠᠵᠤ ᠦᠭᠶ᠎ᠡ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ ᠪᠤᠲᠠᠷᠠᠭᠰᠠᠨ ᠤᠯᠤᠰ ᠢ᠋ ᠴᠢᠨᠢ ᠴᠤᠭᠯᠠᠭᠤᠯᠵᠤ ᠦᠭᠶ᠎ᠡ ᠪᠥᠭᠡᠷ᠎ᠡ ᠨᠢ ᠪᠥᠭᠰᠡᠨ ᠳ᠋ᠦ᠍ ᠪᠠᠢᠭ ᠴᠡᠭᠡᠷ ᠨᠢ ᠴᠡᠭᠡᠵᠢᠨ ᠳ᠋ᠦ᠍ ᠪᠠᠢᠭ ( ᠠᠬ᠎ᠠ ᠵᠠᠬ᠎ᠠ ᠲᠠᠢ ᠪᠣᠯᠤᠭ)》ᠭᠡᠪᠡ᠃
97᠂ ᠲᠡᠨᠳᠡ ᠡᠴᠡ ᠪᠦᠷᠭᠢ ᠡᠷᠭᠢ ᠳ᠋ᠦ᠍ ᠨᠤᠲᠤᠭᠯᠠᠨ ᠪᠦᠬᠦᠢ ᠳ᠋ᠦ᠍ ᠪᠤᠷᠬᠠᠨ ᠬᠠᠯᠳᠤᠨ ᠠ᠋ᠴᠠ ᠤᠷᠢᠶᠠᠩᠬᠠᠢ ᠶ᠋ᠢᠨ ᠵᠠᠷᠴᠢᠭᠣᠳᠠᠢ ᠡᠪᠦᠭᠡᠨ ᠬᠥᠭᠡᠷᠭᠡ ᠪᠡᠨ ᠡᠭᠦᠷᠴᠦ ᠵᠠᠯᠮ᠎ᠠ ᠨᠡᠷᠡᠲᠦ ᠬᠥᠪᠡᠭᠦᠨ ᠢ᠋ᠶ᠋ᠡᠨ ᠳᠠᠭᠠᠭᠤᠯᠵᠤ ᠢᠷᠡᠭᠡᠳ ᠥᠭᠦᠯᠡᠷᠦᠨ᠄ 《ᠲᠡᠷᠢᠭᠦᠨ ᠤᠨᠤᠨ ᠤ᠋ ᠳᠡᠯᠢᠭᠦᠨ ᠪᠣᠯᠳᠠᠭ ᠲᠤ᠌ ᠲᠡᠮᠦᠵᠢᠨ ᠴᠢᠮ᠎ᠠ ᠶ᠋ᠢ ᠲᠥᠷᠥᠬᠦ ᠳ᠋ᠦ᠍ ᠪᠤᠯᠠᠭᠠᠨ ᠥᠯᠥᠭᠡᠢ ᠦᠭᠭᠦᠭᠰᠡᠨ ᠪᠠ ᠪᠢ ᠡᠨᠡ ᠬᠥᠪᠡᠭᠦᠨ ᠵᠡᠯᠮ᠎ᠡ ᠶ᠋ᠢ ᠴᠢᠮ᠎ᠠ ᠳ᠋ᠤ᠌ ᠦᠭᠭᠦᠭᠰᠡᠨ ᠪᠣᠯᠪᠠᠴᠤ ᠪᠠᠯᠴᠢᠷ ᠤᠴᠢᠷ ᠠ᠋ᠴᠠ ᠭᠡᠷ ᠲᠦ᠍ ᠠᠪᠠᠴᠢᠭᠰᠠᠨ ᠪᠢᠯᠡ᠂ ᠣᠳᠣ ᠴᠢ ᠮᠢᠨᠦ ᠬᠥᠪᠡᠭᠦᠨ ᠵᠠᠯᠮ᠎ᠠ ᠪᠠᠷ ᠡᠮᠡᠭᠡᠯ ᠢ᠋ᠶ᠋ᠡᠨ ᠲᠣᠬᠣᠭᠤᠯ ᠡᠭᠦᠳᠡ ᠪᠡᠨ ᠰᠡᠬᠦᠭᠦᠯ》ᠭᠡᠵᠦ ᠥᠭᠪᠡ᠃
98᠂ ᠬᠡᠷᠦᠯᠦᠨ ᠮᠥᠷᠡᠨ ᠦ᠌ ᠡᠬᠢ ᠪᠦᠷᠭᠢ ᠡᠷᠭᠢ ᠳ᠋ᠦ᠍ ᠨᠤᠲᠤᠭᠯᠠᠨ ᠪᠠᠢᠲᠠᠯ᠎ᠠ ᠨᠢᠭᠡᠨ ᠥᠷᠯᠥᠭᠡ ᠡᠷᠲᠡ ᠦᠷ ᠴᠠᠢᠵᠤ ᠪᠠᠢᠬᠤ ᠳ᠋ᠤ᠌ ᠥᠭᠡᠯᠦᠨ ᠡᠬᠡ ᠶ᠋ᠢᠨ ᠭᠡᠷ ᠲᠦ᠍ ᠵᠠᠷᠤᠴᠠᠯᠠᠭᠳᠠᠬᠤ ᠬᠤᠸᠠᠭᠴᠢᠨ ᠡᠮᠡᠭᠡᠨ ᠪᠣᠰᠴᠤ ᠥᠭᠦᠯᠡᠷᠦᠨ᠄ 《ᠡᠬᠡ᠂ ᠡᠬᠡ ᠦᠳᠲᠡᠷ ᠪᠣᠰ᠂ ᠭᠠᠵᠠᠷ ᠳᠡᠯᠪᠡᠷᠡᠬᠦ ᠮᠡᠲᠦ ᠴᠢᠮᠡᠭᠡ ᠭᠠᠷᠴᠤ ᠮᠣᠷᠢᠨ ᠤ᠋ ᠲᠦᠪᠡᠷᠭᠡᠨ ᠰᠣᠨᠣᠰᠳᠠᠨ᠎ᠠ᠂ ᠠᠶᠤᠮᠰᠢᠭᠲᠤ ᠲᠠᠢᠴᠢᠭᠤᠳ ᠠᠢᠰᠤᠢ ᠪᠢᠵᠡ᠂ ᠡᠬᠡ ᠳᠠᠷᠤᠢ ᠪᠣᠰ》ᠭᠡᠪᠡ᠃
99᠂ ᠥᠭᠡᠯᠦᠨ ᠡᠬᠡ᠄ 《ᠬᠥᠪᠡᠭᠦᠳ ᠢ᠋ ᠳᠠᠷᠤᠢ ᠰᠡᠷᠢᠭᠦᠯᠦᠭᠲᠦᠨ》ᠭᠡᠳ ᠥᠪᠡᠷ ᠢ᠋ᠶ᠋ᠡᠨ ᠳᠠᠷᠤᠢ ᠪᠣᠰᠪᠠ᠂ ᠲᠡᠮᠦᠵᠢᠨ ᠨᠠᠷ ᠳᠠᠷᠤᠢ ᠪᠣᠰᠤᠭᠠᠳ ᠮᠣᠷᠢᠳ ᠢ᠋ᠶ᠋ᠠᠨ ᠪᠠᠷᠢᠵᠤ᠂ ᠲᠡᠮᠦᠵᠢᠨ ᠥᠭᠡᠯᠦᠨ ᠡᠬᠡ᠂ ᠬᠠᠰᠠᠷ᠂ ᠬᠠᠴᠢᠭᠤᠨ᠂ ᠲᠡᠮᠦᠭᠡ ᠤᠳᠴᠢᠬᠢᠨ᠂ ᠪᠡᠯᠭᠦᠳᠡᠢ᠂ ᠪᠣᠭᠣᠷᠴᠤ᠂ ᠵᠠᠯᠮ᠎ᠠ ᠨᠠᠷ ᠲᠤᠰ ᠪᠦᠷᠢ ᠨᠢᠭᠡ ᠮᠣᠷᠢ ᠤᠨᠤᠵᠤ ᠲᠡᠮᠦᠯᠦᠨ ᠢ᠋ ᠥᠭᠡᠯᠦᠨ ᠡᠬᠡ ᠡᠪᠦᠷ ᠲᠦ᠍ ᠪᠡᠨ ᠳᠡᠭᠦᠷᠪᠡ᠃ ᠨᠢᠭᠡᠨ ᠮᠣᠷᠢᠨ ᠳ᠋ᠤ᠌ ᠶᠠᠭᠤᠮ᠎ᠠ ᠠᠴᠢᠵᠤ ᠬᠥᠲᠥᠯᠪᠡ᠃ ᠪᠥᠷᠲᠡ ᠦᠵᠢᠨ ᠳ᠋ᠦ᠍ ᠮᠣᠷᠢ ᠳᠤᠲᠠᠪᠠ᠃
100᠂ ᠲᠡᠮᠦᠵᠢᠨ ᠠᠬ᠎ᠠ ᠳᠡᠭᠦᠦ ᠨᠠᠷ ᠮᠣᠷᠳᠠᠵᠤ ᠦᠷ ᠢ᠋ᠶ᠋ᠡᠷ ᠪᠤᠷᠬᠠᠨ ᠬᠠᠯᠳᠤᠨ ᠤ᠋ ᠵᠦᠭ ᠣᠳᠪᠠ᠂ ᠬᠤᠸᠠᠭᠴᠢᠨ ᠡᠮᠡᠭᠡᠨ ᠪᠥᠷᠲᠡ ᠦᠵᠢᠨ ᠢ᠋ ᠨᠢᠭᠤᠶᠠ ᠭᠡᠵᠦ ᠪᠥᠬᠥᠭᠡᠭ ᠲᠡᠢ ᠲᠡᠷᠭᠡᠨ ᠳ᠋ᠦ᠍ ᠣᠷᠣᠭᠤᠯᠵᠤ (ᠡᠳ᠋ ᠪᠠᠷᠠᠭ᠎ᠠ ᠪᠠᠨ ᠬᠢᠵᠦ ᠲᠡᠷᠭᠡᠨ ᠳ᠋ᠦ᠍ ᠰᠠᠭᠤᠵᠤ) ᠪᠥᠭᠡᠷ᠎ᠡ ᠠᠯᠠᠭ ᠦᠬᠡᠷ ᠬᠥᠯᠯᠡᠵᠦ᠂ ᠲᠦᠩᠬᠡᠯᠢᠭ ᠭᠣᠷᠣᠬᠠᠨ ᠥᠭᠡᠳᠡ ᠬᠥᠲᠥᠯᠵᠦ (ᠠᠭᠤᠯᠠ ᠥᠭᠰᠥᠨ ᠲᠦᠩᠬᠡᠯᠢᠭ ᠭᠣᠷᠣᠬᠠᠨ ᠬᠦᠷᠬᠦ ᠳ᠋ᠦ᠍) ᠰᠠᠶᠢ ᠦᠷ ᠴᠠᠢᠵᠤ ᠬᠠᠷᠠᠩᠬᠤᠢ ᠪᠦᠷᠦᠢ ᠪᠠᠢᠲᠠᠯ᠎ᠠ ᠥᠭᠡᠳᠡ ᠡᠴᠡ ᠴᠡᠷᠢᠭ ᠦ᠋ᠨ ᠬᠥᠮᠦᠰ ᠬᠠᠲᠠᠷᠢᠨ ᠢᠷᠡᠵᠦ ᠄ 《ᠴᠢ ᠶᠠᠭᠤᠨ ᠤ᠋ ᠬᠥᠮᠦᠨ ᠪᠣᠢ?》ᠭᠡᠵᠦ ᠠᠰᠠᠭᠤᠪᠠᠯ ᠬᠤᠸᠠᠭᠴᠢᠨ ᠡᠮᠡᠭᠡᠨ ᠥᠭᠦᠯᠡᠷᠦᠨ᠄ 《ᠪᠢ ᠲᠡᠮᠦᠵᠢᠨ ᠦ᠌ ᠬᠠᠷᠢᠶᠠᠲᠤ᠂ ᠶᠡᠬᠡ ᠭᠡᠷ ᠲᠦ᠍ ᠬᠣᠨᠢ ᠬᠢᠷᠭᠠᠬᠤ ᠪᠠᠷ ᠢᠷᠡᠭᠰᠡᠨ ᠪᠢᠯᠡ᠂ ᠣᠳᠣ ᠣᠩᠭ᠋ᠠᠰᠣ ᠲᠡᠭᠡᠭᠡᠵᠦ ᠭᠡᠷ ᠲᠦ᠍ ᠪᠡᠨ ᠬᠠᠷᠢᠵᠤ ᠶᠠᠪᠤᠨ᠎ᠠ᠃》ᠭᠡᠪᠡ᠂ ᠲᠡᠷᠡ ᠴᠡᠷᠢᠭ ᠦ᠋ᠳ ᠥᠭᠦᠯᠡᠷᠦᠨ᠄ 《ᠲᠡᠮᠦᠵᠢᠨ ᠭᠡᠷ ᠲᠦ᠍ ᠪᠣᠢ ᠤᠤ?ᠦᠭᠡᠢ ᠤᠤ? ᠭᠡᠷ ᠨᠢ ᠬᠠᠮᠢᠭ᠎ᠠ ᠪᠠᠢᠨ᠎ᠠ?》ᠭᠡᠪᠡᠯ ᠬᠤᠸᠠᠭᠴᠢᠨ ᠡᠮᠡᠭᠡᠨ ᠥᠭᠦᠯᠡᠷᠦᠨ᠄ 《ᠭᠡᠷ ᠨᠢ ᠣᠢᠷ᠎ᠠ ᠪᠠᠢᠨ᠎ᠠ᠂ ᠲᠡᠮᠦᠵᠢᠨ ᠦ᠌ ᠪᠣᠢ ᠦᠭᠡᠢ ᠶ᠋ᠢ ᠪᠢ ᠮᠡᠳᠡᠬᠦ ᠦᠭᠡᠢ᠂ ᠪᠢ ᠬᠣᠢᠲᠤ ᠭᠡᠷ ᠡᠴᠡ ᠭᠠᠷᠴᠤ ᠢᠷᠡᠪᠡ᠃》ᠭᠡᠪᠡ᠃
101᠂ ᠲᠡᠳᠡ ᠴᠡᠷᠢᠭ ᠦ᠋ᠳ ᠬᠠᠲᠠᠷᠢᠨ ᠣᠳᠪᠠ᠂ ᠬᠤᠸᠠᠭᠴᠢᠨ ᠡᠮᠡᠭᠡᠨ ᠪᠥᠭᠡᠷ᠎ᠡ ᠠᠯᠠᠭ ᠦᠬᠡᠷ ᠢ᠋ᠶ᠋ᠡᠨ ᠭᠤᠶᠠᠳᠠᠵᠤ ᠶᠠᠭᠠᠷᠠᠪᠴᠢᠯᠠᠨ ᠶᠠᠪᠤᠬᠤ ᠭᠡᠲᠡᠯ᠎ᠡ ᠲᠡᠷᠭᠡᠨ ᠦ᠌ ᠲᠡᠩᠭᠡᠯᠢᠭ ᠬᠤᠭᠤᠷᠠᠪᠠ᠂ ᠲᠡᠩᠭᠡᠯᠢᠭ ᠬᠤᠭᠤᠷᠠᠭᠰᠠᠨ ᠤᠴᠢᠷ ᠶᠠᠪᠠᠭᠠᠨ ᠢ᠋ᠶ᠋ᠠᠷ ᠣᠢ ᠳ᠋ᠤ᠌ ᠳᠤᠲᠠᠭᠠᠵᠤ ᠣᠷᠣᠶ᠎ᠠ ᠭᠡᠵᠦ ᠪᠠᠢᠲᠠᠯ᠎ᠠ ᠬᠣᠢᠨ᠎ᠠ ᠠ᠋ᠴᠠ ᠮᠥᠨ ᠴᠡᠷᠢᠭ ᠦ᠋ᠳ ᠪᠡᠯᠭᠦᠳᠡᠢ ᠶ᠋ᠢᠨ ᠡᠬᠡ ᠶ᠋ᠢ ᠰᠤᠨᠳᠠᠯᠠᠵᠤ ᠬᠣᠶᠠᠷ ᠬᠥᠯ ᠢ᠋ ᠨᠢ ᠰᠠᠨᠵᠢᠭᠢᠨᠠᠭᠤᠯᠤᠨ ᠳᠠᠪᠬᠢᠵᠤ ᠢᠷᠡᠭᠡᠳ᠄ 《ᠡᠨᠡ ᠲᠡᠷᠭᠡᠨ ᠳᠣᠲᠣᠷ᠎ᠠ ᠶᠠᠭᠤ ᠪᠠᠢᠨ᠎ᠠ?》ᠭᠡᠵᠦ ᠠᠰᠠᠭᠤᠪᠠᠯ ᠬᠤᠸᠠᠭᠴᠢᠨ ᠡᠮᠡᠭᠡᠨ ᠥᠭᠦᠯᠡᠷᠦᠨ᠄ 《ᠤᠩᠭᠠᠰᠤ ᠪᠣᠢ᠃》ᠭᠡᠪᠡ᠃ ᠲᠡᠷᠡ ᠴᠡᠷᠢᠭ ᠦ᠋ᠳ ᠦ᠋ᠨ ᠠᠬᠠᠮᠠᠳ ᠨᠢ ᠥᠭᠦᠯᠡᠷᠦᠨ᠄ 《ᠳᠡᠭᠦᠦ ᠨᠠᠷ ᠪᠠᠭᠤᠵᠤ ᠦᠵᠡᠭᠲᠦᠨ!》ᠭᠡᠪᠡᠯ ᠪᠤᠰᠤᠳ ᠨᠢ ᠪᠠᠭᠤᠵᠤ ᠬᠠᠭᠠᠯᠲᠠᠲᠠᠢ ᠲᠡᠷᠭᠡᠨ ᠦ᠌ ᠬᠠᠭᠠᠯᠭ᠎ᠠ ᠶ᠋ᠢ ᠨᠡᠭᠡᠭᠡᠪᠡᠯ ᠳᠣᠲᠣᠷ᠎ᠠ ᠨᠢ ᠬᠠᠲᠤᠨ ᠬᠥᠮᠦᠨ ᠰᠠᠭᠤᠵᠤ ᠪᠠᠢᠨ᠎ᠠ᠃ ᠲᠡᠭᠦᠨ ᠢ᠋ ᠲᠡᠷᠭᠡᠨ ᠡᠴᠡ ᠴᠢᠷᠴᠦ ᠭᠠᠷᠭᠠᠭᠠᠳ ᠬᠤᠸᠠᠭᠴᠢᠨ ᠬᠣᠶᠠᠭᠤᠯᠠ ᠶ᠋ᠢ ᠰᠤᠨᠳᠠᠯᠠᠵᠤ ᠲᠡᠮᠦᠵᠢᠨ ᠦ᠌ ᠬᠣᠢᠨ᠎ᠠ ᠠ᠋ᠴᠠ ᠡᠪᠡᠰᠦᠨ ᠦ᠌ ᠨᠠᠯᠠᠷᠬᠠᠢ ᠪᠠᠷ ᠮᠥᠰᠬᠢᠵᠦ ᠪᠤᠷᠬᠠᠨ ᠬᠠᠯᠳᠤᠨ ᠥᠭᠡᠳᠡ ᠭᠠᠷᠪᠠ᠃
102᠂ ᠲᠡᠮᠦᠵᠢᠨ ᠢ᠋ ᠨᠡᠬᠡᠵᠦ ᠪᠤᠷᠬᠠᠨ ᠬᠠᠯᠳᠤᠨ ᠳ᠋ᠤ᠌ ᠭᠤᠷᠪᠠ ᠲᠣᠭᠣᠷᠢᠨ ᠨᠡᠩᠵᠢᠪᠡᠴᠦ ᠣᠯᠤᠭᠰᠠᠨ ᠦᠭᠡᠢ᠂ ᠣᠷᠣᠭᠰᠢ ᠬᠣᠢᠰᠢ ᠶᠠᠪᠤᠵᠤ ᠡᠷᠢᠪᠡᠯ ᠤᠮᠪᠠᠬᠤ ᠰᠢᠪᠡᠷ᠂ ᠪᠢᠲᠡᠭᠦᠦ ᠣᠢ ᠲᠤᠯᠭᠠᠷᠠᠵᠤ ᠴᠠᠳᠬᠤᠯᠠᠩ ᠮᠣᠭᠠᠢ ᠰᠢᠷᠭᠤᠬᠤ ᠵᠠᠪᠰᠠᠷ ᠦᠭᠡᠢ ᠪᠡᠷᠬᠡ ᠰᠢᠭᠤᠢ ᠲᠤᠯᠠ ᠲᠡᠮᠦᠵᠢᠨ ᠢ᠋ ᠮᠥᠷᠳᠡᠵᠦ ᠣᠯᠵᠤ ᠴᠢᠳᠠᠭᠰᠠᠨ ᠦᠭᠡᠢ᠂ ᠡᠨᠡᠬᠦ ᠳᠣᠪᠲᠣᠯᠤᠭᠰᠠᠨ ᠴᠡᠷᠢᠭ ᠦ᠋ᠳ ᠪᠣᠯ ᠭᠤᠷᠪᠠᠨ ᠮᠡᠷᠭᠡᠳ ᠪᠠᠢᠭᠰᠠᠨ ᠠᠵᠠᠢ᠃ ᠣᠳᠤᠢ᠌ᠳ ᠮᠡᠷᠭᠡᠳ ᠦ᠋ᠨ ᠲᠣᠭᠳᠣᠭ᠎ᠠ᠂ ᠣᠧᠨᠰ (ᠬᠤᠸᠠ) ᠮᠡᠷᠭᠡᠳ ᠦ᠋ᠨ ᠲᠠᠢᠷ ᠤᠰᠤᠨ᠂ ᠬᠠᠭᠠᠳ ᠮᠡᠷᠭᠡᠳ ᠦ᠋ᠨ ᠬᠠᠭᠠᠨᠳᠠᠢ ᠲᠠᠷᠮᠠᠯᠠ ᠨᠠᠷ ᠨᠡᠢᠯᠡᠵᠦ᠂ ᠤᠷᠢᠳᠤ ᠶ᠋ᠢᠨ ᠴᠢᠯᠡᠳᠦ ᠡᠴᠡ ᠥᠭᠡᠯᠦᠨ ᠡᠬᠡ ᠶ᠋ᠢ ᠪᠤᠯᠢᠶᠠᠵᠤ ᠠᠪᠤᠭᠰᠠᠨ ᠤ᠋ ᠥᠰᠢᠶ᠎ᠡ ᠶ᠋ᠢ ᠨᠡᠬᠡᠬᠦ ᠪᠡᠷ ᠢᠷᠡᠭᠰᠡᠨ ᠠᠵᠠᠢ᠂ ᠣᠳᠣ ᠲᠡᠳᠡᠭᠡᠷ ᠮᠡᠷᠭᠡᠳ ᠥᠭᠦᠯᠡᠷᠦᠨ᠄ 《ᠥᠭᠡᠯᠦᠨ ᠦ᠌ ᠪᠤᠯᠢᠶᠠᠭᠳᠠᠭᠰᠠᠨ ᠥᠰᠢᠶ᠎ᠡ ᠶ᠋ᠢ ᠠᠪᠬᠤ ᠪᠠᠷ ᠢᠷᠡᠭᠡᠳ ᠣᠳᠣ ᠡᠮᠡᠰ ᠢ᠋ ᠨᠢ ᠪᠤᠯᠢᠶᠠᠵᠤ ᠠᠪᠪᠠ᠂ ᠡᠪᠦᠭᠡ ᠡᠴᠢᠭᠡ ᠶ᠋ᠢᠨ ᠥᠰᠢᠶ᠎ᠡ ᠶ᠋ᠢ ᠠᠪᠤᠪᠠ ᠪᠢᠳᠡ》ᠭᠡᠵᠦ ᠭᠡᠷ ᠲᠦ᠍ ᠪᠡᠨ ᠪᠤᠴᠠᠪᠠ᠃
103᠂ ᠲᠡᠳᠡ ᠪᠥᠷᠲᠡ ᠦᠵᠢᠨ ᠢ᠋ ᠠᠪᠠᠴᠢᠭᠠᠳ ᠴᠢᠯᠡᠳᠦ ᠶ᠋ᠢᠨ ᠳᠡᠭᠦᠦ ᠴᠢᠯᠡᠬᠡᠷ ᠪᠥᠬᠡ ᠳ᠋ᠦ᠍ ᠥᠭᠪᠡ᠂ ᠲᠡᠮᠦᠵᠢᠨ᠄ 《ᠲᠡᠷᠡ ᠭᠤᠷᠪᠠᠨ ᠮᠡᠷᠭᠢᠳ ᠭᠡᠷ ᠲᠦ᠍ ᠪᠡᠨ ᠬᠠᠷᠢᠬᠤ ᠨᠢ ᠤᠤ? ᠠᠭᠤᠯᠠᠨ ᠳ᠋ᠤ᠌ ᠪᠦᠭᠭᠦᠬᠦ ᠨᠢ ᠤᠤ? ᠭᠤᠷᠪᠠᠨ ᠬᠣᠨᠣᠭ ᠳᠠᠭᠠᠵᠤ ᠶᠠᠪᠤᠭᠠᠳ ᠮᠡᠳᠡᠵᠦ ᠢᠷ᠎ᠡ》ᠭᠡᠳ ᠪᠡᠯᠭᠦᠳᠡᠢ᠂ ᠪᠣᠭᠣᠷᠴᠤ᠂ ᠵᠡᠯᠮ᠎ᠡ ᠭᠤᠷᠪᠠ ᠶ᠋ᠢ ᠢᠯᠡᠭᠡᠪᠡ᠂ ᠲᠡᠮᠦᠵᠢᠨ ᠥᠪᠡᠷ ᠢ᠋ᠶ᠋ᠡᠨ ᠪᠤᠷᠬᠠᠨ ᠬᠠᠯᠳᠤᠨ ᠳᠡᠭᠡᠷ᠎ᠡ ᠪᠠᠭᠤᠵᠤ ᠡᠪᠴᠢᠭᠦᠦ ᠪᠡᠨ ᠳᠡᠯᠡᠳᠴᠦ ᠵᠠᠯᠪᠠᠷᠢᠨ ᠥᠭᠦᠯᠡᠷᠦᠨ᠄ 《ᠰᠣᠯᠣᠩᠭ᠎ᠠ ᠮᠡᠲᠦ ᠰᠣᠨᠣᠰᠬᠤ ᠰᠣᠷᠭᠣᠭ ᠬᠤᠸᠠᠭᠴᠢᠨ ᠤ᠋ ᠰᠣᠨᠣᠷ ᠤ᠋ᠨ ᠬᠦᠴᠦ ᠪᠡᠷ ᠦᠶᠡᠩ ᠮᠡᠲᠦ ᠦᠵᠡᠬᠦ ᠦᠨᠡᠨᠴᠢ ᠬᠤᠸᠠᠭᠴᠢᠨ ᠤ᠋ ᠦᠵᠡᠭᠰᠡᠨ ᠦ᠌ ᠠᠴᠢ ᠪᠠᠷ [ᠠᠶᠤᠯᠲᠤ ᠳᠠᠢᠰᠤᠨ ᠠ᠋ᠴᠠ ᠠᠮᠵᠢᠨ ᠳᠤᠲᠠᠭᠠᠵᠤ] ᠪᠦᠲᠦᠨ ᠪᠡᠶ᠎ᠡ ᠪᠡᠨ ᠪᠦᠭᠭᠦᠨ ᠨᠢᠭᠤᠭᠳᠠᠵᠤ ᠪᠦᠳᠡᠭᠢ ᠵᠠᠮ ᠢ᠋ ᠮᠥᠷᠳᠡᠨ ᠳᠠᠭᠠᠵᠤ ᠪᠤᠭᠤ ᠶ᠋ᠢᠨ ᠮᠥᠷ ᠢ᠋ ᠮᠥᠰᠬᠢᠨ ᠬᠥᠭᠡᠭᠡᠵᠦ ᠪᠤᠷᠭᠠᠰᠤᠨ ᠭᠡᠷ ᠲᠦ᠍ ᠪᠤᠷᠤᠭᠤᠯᠠᠨ ᠨᠢᠭᠤᠭᠳᠠᠵᠤ ᠪᠤᠷᠬᠠᠨ ᠬᠠᠯᠳᠤᠨ ᠳ᠋ᠤ᠌ ᠠᠮᠢ ᠬᠣᠷᠭᠣᠳᠠᠪᠠ᠂ ᠬᠠᠷᠢ ᠶ᠋ᠢᠨ ᠳᠠᠢᠰᠤᠨ ᠬᠠᠯᠳᠠᠨ ᠳᠣᠪᠲᠣᠯᠬᠤ ᠳ᠋ᠤ᠌ ᠬᠠᠷᠴᠠᠭᠠᠢ ᠠ᠋ᠴᠠ ᠳᠤᠲᠠᠭᠠᠭᠰᠠᠨ ᠪᠣᠯᠵᠣᠮᠣᠷ ᠮᠡᠲᠦ ᠬᠠᠨᠳᠠᠭᠠᠢ ᠪᠤᠭᠤ ᠶ᠋ᠢᠨ ᠮᠥᠷ ᠢ᠋ ᠳᠠᠭᠠᠵᠤ ᠬᠠᠳᠠ ᠬᠠᠪᠴᠢᠯ ᠤ᠋ᠨ ᠰᠦᠪᠡ ᠶ᠋ᠢ ᠡᠷᠢᠵᠦ ᠬᠠᠯᠳᠤᠨ ᠠᠭᠤᠯᠠᠨ ᠳ᠋ᠤ᠌ ᠳᠤᠲᠠᠭᠠᠵᠤ ᠢᠷᠡᠭᠡᠳ ᠬᠠᠯᠢᠰᠤ ᠬᠣᠯᠲᠣᠰᠣ ᠪᠠᠷ ᠭᠡᠷ ᠪᠠᠷᠢᠵᠤ ᠬᠠᠯᠠᠭᠤᠨ ᠠᠮᠢ ᠪᠠᠨ ᠬᠠᠮᠠᠭᠠᠯᠠᠪᠠ ᠪᠢ᠂ ᠪᠥᠭᠯᠡᠭᠦᠦ ᠣᠢ ᠲᠠᠢ ᠪᠤᠷᠬᠠᠨ ᠠᠭᠤᠯᠠ ᠪᠥᠭᠡᠰᠦᠨ ᠴᠢᠨᠡᠭᠡ ᠠᠮᠢ ᠶ᠋ᠢ ᠮᠢᠨᠢ ᠪᠥᠭᠡᠴᠡᠢᠯᠡᠨ ᠠᠪᠤᠷᠠᠵᠤ ᠪᠥᠭᠡᠷ᠎ᠡ ᠶ᠋ᠢᠨ ᠴᠢᠨᠡᠭᠡᠨ ᠪᠡᠶ᠎ᠡ ᠶ᠋ᠢ ᠮᠢᠨᠢ ᠪᠦᠲᠦᠨ ᠮᠡᠨᠳᠦ ᠦᠯᠡᠳᠡᠭᠡᠪᠡ᠂ ᠥᠰᠢᠶᠡᠲᠦ ᠳᠠᠢᠰᠤᠨ ᠠ᠋ᠴᠠ ᠥᠷᠥᠰᠢᠶᠡᠨ ᠠᠪᠤᠷᠠᠵᠤ ᠥᠨᠥᠴᠢᠨ ᠪᠢᠳᠡᠨ ᠦ᠌ ᠥᠮᠥᠭ ᠪᠣᠯᠤᠭᠰᠠᠨ ᠥᠨᠳᠥᠷ ᠳᠡᠭᠡᠳᠦ ᠪᠤᠷᠬᠠᠨ ᠬᠠᠯᠳᠤᠨ ᠴᠢᠮ᠎ᠠ ᠳ᠋ᠤ᠌ ᠥᠷᠯᠥᠭᠡ ᠪᠦᠷᠢ ᠮᠢᠯᠢᠶᠠᠵᠤ ᠪᠠᠢᠶ᠎ᠠ᠂ ᠡᠳᠦᠷ ᠪᠦᠷᠢ ᠲᠠᠬᠢᠵᠣ ᠪᠠᠢᠶ᠎ᠠ᠂ ᠦᠷ᠎ᠡ ᠶ᠋ᠢᠨ ᠦᠷ᠎ᠡ ᠳ᠋ᠦ᠍ ᠡᠭᠦᠷᠢᠳᠡ ᠲᠠᠬᠢᠵᠣ ᠦᠶ᠎ᠡ ᠳᠣᠳᠣᠮ ᠦᠷᠭᠦᠯᠵᠢ ᠰᠢᠲᠦᠶ᠎ᠡ!》ᠭᠡᠵᠦ ᠪᠦᠰᠡ ᠪᠡᠨ ᠬᠦᠵᠦᠭᠦᠨ ᠳ᠋ᠦ᠍ ᠪᠡᠨ ᠡᠷᠢᠭᠡ ᠮᠡᠲᠦ ᠡᠯᠭᠦᠵᠦ ᠮᠠᠯᠠᠭᠠᠢ ᠪᠠᠨ ᠭᠠᠷ ᠲᠤ᠌ ᠪᠠᠨ ᠰᠡᠬᠡᠯᠳᠥᠷᠴᠦ ᠭᠠᠷ ᠢ᠋ᠶ᠋ᠠᠷ ᠢ᠋ᠶ᠋ᠠᠨ ᠡᠪᠴᠢᠭᠦᠦ ᠪᠡᠨ ᠳᠠᠷᠤᠵᠤ ᠨᠠᠷᠠᠨ ᠥᠭᠡᠳᠡ ᠬᠠᠨᠳᠤᠵᠤ ᠪᠤᠷᠬᠠᠨ ᠬᠠᠯᠳᠤᠨ ᠳ᠋ᠤ᠌ ᠶᠢᠰᠦᠨᠲᠡ ᠰᠥᠭᠥᠳᠦᠨ ᠥᠴᠢᠯ ᠥᠴᠢᠨ ᠰᠠᠴᠤᠯᠢ ᠰᠠᠴᠤᠪᠠ᠃

