ᠴᠢᠩᠭᠢᠰ ᠊ᠤᠨ ᠮᠠᠭᠲᠠᠭᠠᠯ-ᠲᠩᠷᠢЧингисийн магтаал-Тэнгэр
ᠴᠢᠩᠭᠢᠰ ᠊ᠤᠨ ᠮᠠᠭᠲᠠᠭᠠᠯ
ᠦᠭᠡ ᠄ ᠲᠣ᠋ ᠨᠣᠷᠪᠤ
ᠠᠶ᠎ᠠ ᠄ ᠲᠩᠷᠢ
ᠠᠭᠲᠠ ᠬᠦᠯᠦᠭ ᠦᠨ ᠠᠯᠮᠠᠰ ᠲᠣᠭᠤᠷᠠᠢ ᠪᠠᠷ ᠂
ᠠᠯᠲᠠᠨ ᠳᠡᠯᠡᠬᠡᠢ ᠶ᠋ᠢ ᠳᠣᠩᠰᠣᠯᠭᠠᠭᠰᠠᠨ ᠂
ᠠᠪᠤᠷᠭᠤ ᠶᠡᠬᠡ ᠡᠷ᠎ᠡ ᠵᠣᠷᠢᠬ ᠢᠶ᠋ᠠᠷ ᠂
ᠠᠽᠢᠶ᠎ᠠ ᠧᠦ᠋ᠷᠣᠫᠠ ᠶ᠋ᠢ ᠵᠠᠬᠢᠷᠤᠭᠰᠠᠨ ᠂
ᠬᠥᠬᠡ ᠲᠤᠭ ᠢᠶ᠋ᠠᠨ ᠡᠷᠭᠦᠨ ᠪᠣᠰᠬᠠᠭᠠᠳ ᠂
ᠤᠭᠰᠠᠭᠠᠲᠠᠨ ᠢᠶ᠋ᠠᠨ ᠨᠢᠭᠡᠳᠭᠡᠭᠰᠡᠨ ᠂
ᠬᠦᠴᠦᠨ ᠦ ᠭᠣᠯᠣᠮᠲᠠ ᠮᠣᠩᠭᠣᠯ ᠨᠡᠷ᠎ᠡ ᠶ᠋ᠢ ᠂
ᠳᠡᠯᠡᠬᠡᠢ ᠳ᠋ᠤᠷ
ᠠᠯᠳᠠᠷᠰᠢᠭᠤᠯᠤᠭᠰᠠᠨ ᠂
ᠠᠵᠠᠢ ᠪᠤᠭᠤᠷᠤᠯ ᠴᠢᠩᠭᠢᠰ ᠦᠨ ᠠᠯᠳᠠᠷ ᠂
ᠠᠭᠠᠷ ᠤᠨ ᠨᠠᠷᠠ ᠰᠢᠭ᠋
ᠭᠢᠯᠠᠯᠵᠠᠩᠬᠠᠨ ᠪᠠᠶ᠋ᠢᠨ᠎ᠠ ᠂
ᠲᠡᠭᠷᠢᠯᠢᠭ ᠬᠥᠪᠡᠭᠦᠨ ᠴᠢᠩᠭᠢᠰ ᠦᠨ ᠭᠠᠪᠢᠶ᠎ᠠ ᠂
ᠲᠡᠦᠬᠡᠨ ᠳ᠋ᠤᠷ ᠬᠠᠳᠠᠭᠰᠢᠨ
ᠪᠠᠶ᠋ᠢᠨ᠎ᠠ ᠂
ᠠᠢ ᠂ ᠬᠥᠶᠢ
ᠠᠭᠲᠠ ᠬᠦᠯᠦᠭ ᠦᠨ ᠠᠯᠮᠠᠰ ᠲᠣᠭᠤᠷᠠᠢ ᠪᠠᠷ ᠂
ᠠᠯᠲᠠᠨ ᠳᠡᠯᠡᠬᠡᠢ ᠶ᠋ᠢ ᠳᠣᠩᠰᠣᠯᠭᠠᠭᠰᠠᠨ ᠂
ᠠᠪᠤᠷᠭᠤ ᠶᠡᠬᠡ ᠡᠷ᠎ᠡ ᠵᠣᠷᠢᠬ ᠢᠶ᠋ᠠᠷ ᠂
ᠠᠽᠢᠶ᠎ᠠ ᠧᠦ᠋ᠷᠣᠫᠠ ᠶ᠋ᠢ ᠵᠠᠬᠢᠷᠤᠭᠰᠠᠨ ᠂
ᠬᠥᠬᠡ ᠲᠤᠭ ᠢᠶ᠋ᠠᠨ ᠡᠷᠭᠦᠨ ᠪᠣᠰᠬᠠᠭᠠᠳ ᠂
ᠤᠭᠰᠠᠭᠠᠲᠠᠨ ᠢᠶ᠋ᠠᠨ ᠨᠢᠭᠡᠳᠭᠡᠭᠰᠡᠨ ᠂
ᠬᠦᠴᠦᠨ ᠦ ᠭᠣᠯᠣᠮᠲᠠ ᠮᠣᠩᠭᠣᠯ ᠨᠡᠷ᠎ᠡ ᠶ᠋ᠢ ᠂
ᠳᠡᠯᠡᠬᠡᠢ ᠳ᠋ᠤᠷ
ᠠᠯᠳᠠᠷᠰᠢᠭᠤᠯᠤᠭᠰᠠᠨ ᠂
ᠠᠵᠠᠢ ᠪᠤᠭᠤᠷᠤᠯ ᠴᠢᠩᠭᠢᠰ ᠦᠨ ᠠᠯᠳᠠᠷ ᠂
ᠠᠭᠠᠷ ᠤᠨ ᠨᠠᠷᠠ ᠰᠢᠭ᠋ ᠭᠢᠯᠠᠯᠵᠠᠩᠬᠠᠨ ᠪᠠᠶ᠋ᠢᠨ᠎ᠠ ᠂
ᠲᠡᠭᠷᠢᠯᠢᠭ ᠬᠥᠪᠡᠭᠦᠨ ᠴᠢᠩᠭᠢᠰ ᠦᠨ ᠭᠠᠪᠢᠶ᠎ᠠ ᠂
ᠲᠡᠦᠬᠡᠨ ᠳ᠋ᠤᠷ ᠬᠠᠳᠠᠭᠰᠢᠨ
ᠪᠠᠶ᠋ᠢᠨ᠎ᠠ ᠂
ᠠᠢ ᠂ ᠬᠥᠶᠢ ᠂
ᠬᠠᠢ ᠁
ᠪᠤᠷᠬᠠᠨ ᠲᠡᠭᠷᠢ ᠶ᠋ᠢᠨ ᠤᠪᠠᠳᠢᠰ ᠢ ᠡᠪᠦᠷᠯᠡᠵᠦ ᠂
ᠪᠤᠮᠠᠨ ᠴᠡᠷᠢᠭ ᠢᠶ᠋ᠡᠨ ᠵᠢᠯᠣᠭᠣᠳᠤᠭᠰᠠᠨ ᠂
ᠪᠦᠬᠦᠨ ᠢ ᠳᠠᠷᠤᠭᠰᠠᠨ ᠮᠡᠷᠭᠡᠨ ᠠᠷᠭ᠎ᠠ ᠪᠡᠷ ᠬᠦ᠋ ᠁
ᠪᠥᠮᠪᠥᠷᠴᠡᠭ ᠦᠨ ᠬᠠᠭᠠᠰ ᠢ ᠲᠦᠪᠰᠢᠳᠬᠡᠭᠰᠡᠨ ᠂
ᠪᠣᠭᠳᠠ ᠴᠢᠩᠭᠢᠰ ᠤᠨ ᠪᠢᠯᠢᠭ ᠤᠬᠠᠭᠠᠨ ᠬᠦ᠋ ᠂
ᠥᠷ ᠦᠨ ᠴᠣᠯᠮᠣᠨ ᠰᠢᠭ᠋ ᠭᠢᠯᠠᠯᠵᠠᠩᠬᠠᠨ ᠪᠠᠶ᠋ᠢᠨ᠎ᠠ ᠂
ᠮᠣᠳᠣᠨ ᠲᠡᠷᠭᠡᠨ ᠵᠦᠢᠭᠰᠡᠨ ᠬᠦᠷᠳᠦ ᠪᠡᠷ ᠂
ᠮᠥᠰᠥᠨ ᠳᠠᠯᠠᠢ ᠶ᠋ᠢᠨ ᠴᠠᠰᠤ ᠶ᠋ᠢ ᠬᠠᠶ᠋ᠢᠯᠤᠭᠤᠯᠵᠤ ᠂
ᠮᠣᠩᠭᠣᠯ ᠠᠷᠠᠳ ᠤᠨ ᠬᠡᠶ᠋ᠢᠮᠣᠷᠢ ᠬᠦ᠋
᠁
ᠮᠥᠩᠬᠡ ᠲᠩᠷᠢ ᠶ᠋ᠢᠨ ᠣᠳᠣᠨ ᠳᠦ ᠰᠡᠶ᠋ᠢᠯᠦᠭᠰᠡᠨ ᠂
ᠮᠠᠩᠯᠠᠢ ᠪᠠᠭᠠᠲᠤᠷ ᠴᠢᠩᠭᠢᠰ ᠬᠠᠭᠠᠨ ᠬᠦ᠋ ᠁
ᠮᠠᠯᠴᠢᠨ ᠠᠷᠠᠳ ᠤᠨ ᠨᠠᠷᠠ ᠪᠢᠯᠡ ᠬᠦ᠋ ᠁
