ᠡᠮᠴᠢ ᠬᠥᠮᠦᠨ ᠵᠢᠷᠭᠠᠯ ᠤ᠋ᠨ ᠡᠵᠢ - ᠠ᠊᠂ ᠮᠥᠩᠬᠡᠪᠠᠲᠤEmch khümüün jargalyn eej-A,MönkhbatЭмч хүмүүн жаргалын ээж-А,Мөнхбат
ᠡᠮᠴᠢ ᠬᠥᠮᠦᠨ ᠵᠢᠷᠭᠠᠯ ᠤ᠋ᠨ ᠡᠵᠢ
ᠰᠢᠯᠦᠭ ᠄ ᠯ᠂ ᠲᠠᠭᠸᠠᠳᠣᠷᠵᠢ
ᠠᠶ᠎ᠠ᠄ ᠳ᠂ ᠠᠯᠲᠠᠨᠳᠤᠤᠯᠠ
ᠳᠠᠭᠤᠴᠢᠨ᠄ ᠠ᠊᠂ ᠮᠥᠩᠬᠡᠪᠠᠲᠤ
ᠠᠮᠢᠳᠤᠷᠠᠯ ᠭᠡᠳᠡᠭ ᠵᠢᠷᠭᠠᠯ
ᠳᠠᠭᠤᠯᠠᠭᠰᠠᠨ ᠴᠠᠢᠯᠭᠠᠨ ᠳᠡᠯᠡᠬᠡᠢ
ᠠᠮᠢᠳᠤᠷᠠᠨ᠎ᠠ ᠭᠡᠮᠡᠨ ᠤᠴᠠᠷᠠᠯ
ᠬᠠᠢᠷᠠᠯᠠᠭᠰᠠᠨ ᠰᠠᠢᠨ ᠤ᠋ ᠬᠣᠷᠸ᠎ᠠ
ᠳᠡᠯᠡᠬᠡᠢ ᠪᠡᠨ ᠦᠷ᠎ᠡ ᠰᠢᠭ᠌ ᠢ᠋ᠶ᠋ᠡᠨ
ᠪᠦᠪᠡᠢᠯᠡᠬᠦ ᠡᠵᠢ ᠶ᠋ᠢᠨ ᠰᠡᠳᠬᠢᠯ ᠢ᠋ᠶ᠋ᠡᠷ
ᠳᠠᠭᠤᠯᠠᠬᠤ ᠳ᠋ᠤᠨᠢ ᠬᠦᠷᠲᠡᠯ᠎ᠡ ᠳᠣᠭᠳᠣᠯᠬᠤ
ᠵᠢᠷᠦᠬᠡ ᠶ᠋ᠢ ᠴᠢᠩᠨᠠᠵᠤ ᠰᠠᠭᠤᠳᠠᠭ
ᠡᠨᠡᠷᠢᠯ ᠦ᠋ᠨ ᠢᠪᠡᠭᠡᠯ ᠦ᠋ᠨ ᠬᠠᠢᠯᠭᠠᠨ ᠡᠵᠢ
ᠡᠮᠴᠢ ᠬᠥᠮᠦᠨ ᠵᠢᠷᠭᠠᠯ ᠤ᠋ᠨ ᠮᠢᠨᠢ ᠡᠵᠢ
ᠵᠢᠷᠭᠠᠯ ᠭᠡᠳᠡᠭ ᠲᠡᠭᠦᠰᠬᠡᠯ
ᠪᠠᠢᠬᠤ ᠦᠭᠡᠢ ᠠᠭᠤᠵᠢᠮ ᠤ᠋ᠨ ᠳᠡᠯᠡᠬᠡᠢ
ᠵᠢᠷᠭᠠᠨ᠎ᠠ ᠭᠡᠮᠡᠨ ᠵᠢᠷᠦᠬᠡᠨ ᠦ᠌
ᠭᠠᠭᠴᠠᠬᠠᠨ ᠲᠤᠢᠯ ᠤ᠋ᠨ ᠬᠦᠰᠡᠯᠡᠩ
ᠬᠦᠰᠡᠯ ᠰᠢᠭ᠌ ᠤᠷᠲᠤ
ᠨᠠᠰᠤ ᠶ᠋ᠢ ᠨᠡᠮᠡᠬᠦ ᠢᠪᠡᠭᠡᠯ ᠢ᠋ᠶ᠋ᠡᠷ
ᠬᠠᠯᠠᠭᠤᠨ ᠰᠡᠳᠬᠢᠯ ᠠᠷᠢᠭᠤᠨ
ᠪᠦᠬᠦᠨ ᠢ᠋ ᠠᠵᠢᠵᠤ ᠰᠢᠨᠵᠢᠳᠡᠭ
ᠡᠨᠡᠷᠢᠯ ᠦ᠋ᠨ ᠢᠪᠡᠭᠡᠯ ᠦ᠋ᠨ ᠬᠠᠢᠯᠭᠠᠨ ᠡᠵᠢ
ᠡᠮᠴᠢ ᠬᠥᠮᠦᠨ ᠵᠢᠷᠭᠠᠯ ᠤ᠋ᠨ ᠮᠢᠨᠢ ᠡᠵᠢ
ᠬᠠᠢᠷ᠎ᠠ ᠭᠡᠳᠡᠭ ᠬᠠᠯᠠᠮᠵᠢ ᠶ᠋ᠢᠨ
ᠠᠮᠢ ᠲᠠᠢ ᠤᠶᠠᠷᠠᠯ ᠤ᠋ᠨ ᠳᠡᠯᠡᠬᠡᠢ
ᠬᠠᠢᠷᠠᠯᠠᠨ᠎ᠠ ᠭᠡᠮᠡᠨ ᠬᠣᠯᠠᠳᠬᠤ ᠶ᠋ᠢᠨ
ᠠᠷᠭ᠎ᠠ ᠦᠭᠡᠢ ᠵᠢᠷᠦᠬᠡᠨ ᠦ᠌ ᠡᠬᠡᠰᠢᠭ
ᠰᠠᠢᠬᠠᠨ ᠬᠣᠷᠸ᠎ᠠ ᠶ᠋ᠢᠨ ᠪᠦᠪᠡᠢ ᠶ᠋ᠢᠨ ᠳᠠᠭᠤᠨ ᠤ᠋
ᠤᠶᠠᠩᠭ᠎ᠠ ᠡᠷᠭᠦᠭᠦᠯᠬᠦ ᠪᠡᠷ
ᠰᠡᠳᠬᠢᠯ ᠲᠡᠢ ᠬᠣᠣᠰ ᠲᠤ᠌ ᠠᠯᠠᠭ
ᠦᠷᠡᠰ ᠢ᠋ ᠨᠢ ᠦᠨᠦᠰᠦᠨ ᠥᠭᠳᠡᠭ
ᠡᠨᠡᠷᠢᠯ ᠦ᠋ᠨ ᠢᠪᠡᠭᠡᠯ ᠦ᠋ᠨ ᠬᠠᠢᠯᠭᠠᠨ ᠡᠵᠢ
ᠡᠮᠴᠢ ᠬᠥᠮᠦᠨ ᠵᠢᠷᠭᠠᠯ ᠤ᠋ᠨ ᠮᠢᠨᠢ ᠡᠵᠢ
ᠡᠮᠴᠢ ᠬᠥᠮᠦᠨ ᠵᠢᠷᠭᠠᠯ ᠤ᠋ᠨ ᠮᠢᠨᠢ ᠡᠵᠢ
ᠦᠰᠦᠭ ᠬᠠᠳᠠᠭᠴᠢ᠄ ᠮᠥᠩᠭᠥᠨ
ᠦᠰᠦᠭ ᠠᠮᠢᠯᠠᠭᠤᠯᠤᠭᠴᠢ᠄ ᠮᠥᠩᠭᠥᠨ
ᠬᠢᠨᠠᠭᠴᠢ ᠪᠠᠭᠰᠢ᠄ ᠣᠳᠬᠠᠨᠰᠣ᠎ᠠ
