ᠲᠡᠢᠮᠦ ᠢᠷᠠᠭᠤᠬᠠᠨ- ᠠ᠊᠂ ᠲᠦᠮᠡᠨ᠌ᠥ᠌ᠯᠵᠡᠢ Tijm âruuhan-A,Tümén-ölzijТийм яруухан-А,Түмэн-өлзий
ᠲᠡᠢᠮᠦ ᠢᠷᠠᠭᠤᠬᠠᠨ
ᠦᠭᠡ᠄ ᠨ᠂ ᠡᠩᠬᠡᠪᠠᠭᠠᠲᠤᠷ
ᠠᠶ᠎ᠠ᠄ ᠴ᠂ᠡᠷᠳᠡᠨᠢᠪᠠᠲᠤ
ᠳᠠᠭᠤᠴᠢᠨ᠄ ᠠ᠊᠂ ᠲᠦᠮᠡᠨ᠌ᠥ᠌ᠯᠵᠡᠢ
ᠬᠠᠪᠤᠷ ᠬᠠᠪᠤᠷ ᠤ᠋ᠨ ᠴᠡᠴᠡᠭᠡᠰ ᠦ᠋ᠨ
ᠬᠡᠨᠵᠡᠯᠡᠨ ᠤᠷᠭᠤᠬᠤ ᠶ᠋ᠢ ᠬᠠᠷᠠᠬᠤᠯᠠᠷ
ᠬᠠᠮᠤᠭ ᠠ᠋ᠴᠠ ᠬᠠᠢᠷᠠᠲᠠᠢ ᠴᠢᠨᠦᠬᠢ ᠪᠡᠨ
ᠨᠠᠳᠠ ᠳ᠋ᠤ᠌ ᠪᠠᠨ ᠶᠠᠭᠠᠷᠠᠳᠠᠭ ᠢ᠋ ᠤᠬᠠᠭᠠᠷᠠᠯ᠎ᠠ
ᠬᠠᠯᠠᠭᠤᠨ ᠳᠣᠲᠣᠨᠣ ᠰᠣᠨᠣᠰᠤᠭᠳᠠᠬᠤ
ᠨᠠᠨᠳᠢᠨ ᠦᠭᠡᠰ ᠢ᠋ ᠰᠠᠨᠠᠬᠤᠯᠠᠷ
ᠬᠠᠴᠠᠷ ᠢᠯᠪᠢᠬᠦ ᠰᠠᠯᠬᠢᠨ ᠳ᠋ᠤ᠌ ᠪᠠᠨ
ᠳᠤᠷ᠎ᠠ ᠪᠠᠷ ᠭᠦᠶᠦᠮᠡᠷ ᠪᠣᠳᠣᠭᠳᠠᠯ᠎ᠠ
ᠡᠭᠡᠰᠢᠭ ᠢᠷᠠᠭᠤ ᠬᠣᠷᠸ᠎ᠠ ᠳ᠋ᠤ᠌
ᠡᠷᠬᠡᠯᠡᠭᠦᠯᠵᠦ ᠬᠥᠲᠥᠯᠬᠦ ᠳᠤᠷᠠᠲᠠᠢ
ᠡᠩᠬᠦᠷᠡᠢ ᠢᠯᠳᠠᠮ ᠴᠢᠨᠦᠬᠢ ᠪᠡᠨ
ᠢᠷᠠᠭᠤᠬᠠᠨ ᠢᠲᠡᠭᠡᠯ ᠲᠡᠢ ᠶ᠋ᠢ ᠮᠡᠳᠡᠷᠡᠳᠡᠭ
ᠰᠠᠷ᠎ᠠ ᠨᠠᠷᠠᠨ ᠤ᠋ ᠬᠣᠭᠣᠷᠣᠨᠳᠣ
ᠰᠠᠭᠠᠲᠠᠨ ᠤᠶᠠᠷᠠᠨ ᠥᠨᠵᠢᠯᠡ
ᠰᠠᠢᠬᠠᠨ ᠲᠥᠷᠥᠭᠰᠡᠨ ᠴᠢᠨᠦᠬᠢ ᠪᠡᠨ
ᠵᠢᠷᠦᠬᠡᠨ ᠦ᠌ ᠠᠭᠠᠰᠢ ᠶ᠋ᠢ ᠥᠬᠥᠭᠡᠷᠳᠡᠯᠡ
ᠴᠢᠮ᠎ᠠ ᠶ᠋ᠢ ᠨᠠᠳᠠ ᠲᠠᠢ ᠤᠴᠠᠷᠠᠭᠤᠯᠤᠭᠰᠠᠨ
ᠲᠡᠷᠡᠬᠡᠨ ᠮᠥᠴᠡ ᠪᠡᠨ ᠳᠤᠷᠠᠰᠬᠤᠯᠠᠷ
ᠴᠠᠮᠨᠠᠨ ᠳᠡᠭᠳᠡᠬᠦ ᠰᠠᠷᠠᠨ ᠳ᠋ᠤ᠌ ᠪᠠᠨ
ᠬᠦᠰᠡᠯ ᠢ᠋ᠶ᠋ᠡᠨ ᠬᠡᠯᠡᠮᠡᠷ ᠰᠠᠨᠠᠭᠳᠠᠯ᠎ᠠ
ᠡᠬᠡᠰᠢᠭ ᠢᠷᠠᠭᠤ ᠬᠣᠷᠸ᠎ᠠ ᠳ᠋ᠤ᠌
ᠡᠷᠬᠡᠯᠡᠭᠦᠯᠵᠦ ᠬᠥᠲᠥᠯᠬᠦ ᠳᠤᠷᠠᠲᠠᠢ
ᠡᠩᠬᠦᠷᠡᠢ ᠢᠯᠳᠠᠮ ᠴᠢᠨᠦᠬᠢ ᠪᠡᠨ
ᠢᠷᠠᠭᠤᠬᠠᠨ ᠢᠲᠡᠭᠡᠯ ᠲᠡᠢ ᠶ᠋ᠢ ᠮᠡᠳᠡᠷᠡᠳᠡᠭ
ᠡᠬᠡᠰᠢᠭ ᠢᠷᠠᠭᠤ ᠬᠣᠷᠸ᠎ᠠ ᠳ᠋ᠤ᠌
ᠡᠷᠬᠡᠯᠡᠭᠦᠯᠵᠦ ᠬᠥᠲᠥᠯᠬᠦ ᠳᠤᠷᠠᠲᠠᠢ
ᠡᠩᠬᠦᠷᠡᠢ ᠢᠯᠳᠠᠮ ᠴᠢᠨᠦᠬᠢ ᠪᠡᠨ
ᠢᠷᠠᠭᠤᠬᠠᠨ ᠢᠲᠡᠭᠡᠯ ᠲᠡᠢ ᠶ᠋ᠢ ᠮᠡᠳᠡᠷᠡᠳᠡᠭ
ᠢᠷᠠᠭᠤᠬᠠᠨ ᠢᠲᠡᠭᠡᠯ ᠲᠡᠢ ᠶ᠋ᠢ ᠮᠡᠳᠡᠷᠡᠳᠡᠭ
ᠢᠷᠠᠭᠤᠬᠠᠨ ᠢᠲᠡᠭᠡᠯ ᠲᠡᠢ ᠶ᠋ᠢ ᠮᠡᠳᠡᠷᠡᠳᠡᠭ
ᠢᠷᠠᠭᠤᠬᠠᠨ ᠢᠲᠡᠭᠡᠯ ᠲᠡᠢ ᠶ᠋ᠢ ᠮᠡᠳᠡᠷᠡᠳᠡᠭ
ᠢᠷᠠᠭᠤᠬᠠᠨ ᠢᠲᠡᠭᠡᠯ ᠲᠡᠢ ᠶ᠋ᠢ ᠮᠡᠳᠡᠷᠡᠳᠡᠭ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ ᠪᠠᠭᠰᠢ᠄ ᠣᠳᠬᠠᠨᠰᠣ᠎ᠠ
