ᠨᠤᠭᠤᠨᠵᠠᠶᠠᠭ᠎ᠠ -ᠴᠠᠭᠠᠨᠪᠠᠷᠰNogonzayaa-TsagaanbarНогонзаяа-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠭᠤᠨᠵᠠᠶᠠᠭ᠎ᠠ -ᠴᠠᠭᠠᠨᠪᠠᠷᠰNogonzayaa-TsagaanbarНогонзаяа-Цагаанбар

ᠨᠤᠭᠤᠨᠵᠠᠶᠠᠭ᠎ᠠ -ᠴᠠᠭᠠᠨᠪᠠᠷᠰNogonzayaa-TsagaanbarНогонзаяа-Цагаанбар

2025-11-24

356

ᠨᠤᠭᠤᠨᠵᠠᠶᠠᠭ᠎ᠠ


    ᠬᠣᠷᠴᠢᠨ ᠠᠷᠠᠳ ᠤ᠋ᠨ ᠳᠠᠭᠤᠤ 
        ᠴᠠᠭᠠᠨᠪᠠᠷᠰ ᠳᠠᠭᠤᠯᠠᠪᠠ 

ᠨᠤᠤᠬ᠎ᠠ ᠶ᠋ᠢᠨ ᠭᠣᠣᠯ ᠤ᠋ᠨ ᠬᠥᠪᠡᠭᠡᠨ ᠳᠡᠭᠡᠷ᠎ᠡ 
ᠨᠣᠭᠲᠣ ᠪᠠᠨ ᠴᠢᠷᠦᠭᠰᠡᠨ ᠮᠣᠷᠢ ᠠ᠋ ᠮᠢᠨᠢ 
ᠨᠠᠮᠤᠭᠤᠬᠠᠨ ᠵᠠᠩ ᠲᠠᠢ ᠨᠤᠭᠤᠨᠵᠠᠶᠠᠭ᠎ᠠ ᠪᠠᠨ 
ᠨᠤᠲᠤᠭ ᠠ᠋ᠴᠠ ᠪᠠᠨ ᠬᠣᠯᠠ ᠥᠭᠭᠦᠯ᠎ᠡ ᠬᠦᠢ 

ᠬᠣᠭᠣᠯᠠᠢ ᠶ᠋ᠢᠨ ᠭᠣᠣᠯ ᠤ᠋ᠨ ᠬᠥᠪᠡᠭᠡᠨ ᠳᠡᠭᠡᠷ᠎ᠡ 
ᠬᠠᠵᠠᠭᠠᠷ ᠢ᠋ᠶ᠋ᠠᠨ ᠴᠢᠷᠦᠭᠰᠡᠨ ᠮᠣᠷᠢ ᠠ᠋ ᠮᠢᠨᠢ 
ᠬᠠᠢᠷᠠᠬᠠᠨ ᠪᠠᠭ᠎ᠠ ᠨᠤᠭᠤᠨᠵᠠᠶᠠᠭ᠎ᠠ ᠪᠠᠨ 
ᠬᠣᠯᠠ ᠴᠤ᠌ ᠭᠠᠵᠠᠷ ᠢ᠋ᠶ᠋ᠠᠨ ᠥᠭᠭᠦᠯ᠎ᠡ ᠬᠦᠢ

ᠬᠣᠣ ᠲᠠᠢ ᠠᠷᠢᠬᠢᠨ ᠳ᠋ᠤ᠌ ᠨᠢ ᠰᠣᠭᠲᠣᠭᠤᠷᠠᠭᠰᠠᠭᠠᠷ
ᠬᠤᠷᠳᠤᠨ ᠮᠣᠷᠢᠨ ᠳ᠋ᠤ᠌ ᠨᠢ ᠭᠣᠷᠢᠯᠠᠭᠰᠠᠭᠠᠷ
ᠬᠠᠢᠷᠠᠨ ᠪᠠᠭ᠎ᠠ ᠨᠤᠭᠤᠨᠵᠠᠶᠠᠭ᠎ᠠ ᠪᠠᠨ ᠥᠭᠭᠦᠭᠰᠡᠨ ᠶᠦᠮ ᠠ᠋
ᠬᠠᠢᠷᠠᠯᠠᠵᠤ ᠰᠠᠨᠠᠭᠰᠠᠨ ᠠᠪᠤ ᠳ᠋ᠤ᠌ ᠪᠠᠨ ᠭᠣᠮᠣᠳᠠᠨ᠎ᠠ ᠬᠦᠢ

ᠵᠦᠩᠰᠡ ᠲᠡᠢ ᠠᠷᠢᠬᠢᠨ ᠳ᠋ᠤ᠌ ᠨᠢ ᠰᠣᠭᠲᠣᠭᠠᠳ ᠠ᠋
ᠵᠡᠭᠡᠷᠳᠡ ᠮᠣᠷᠢᠨ ᠳ᠋ᠤ᠌ ᠨᠢ ᠭᠣᠷᠢᠯᠠᠭᠰᠠᠭᠠᠷ
ᠵᠦᠭ ᠦᠭᠡᠢ ᠬᠣᠯᠠ ᠭᠠᠵᠠᠷ ᠥᠭᠭᠦᠭᠰᠡᠨ ᠶᠦᠮ ᠠ᠋
ᠮᠥᠮᠥ ᠪᠣᠯᠣᠳ ᠠᠪᠤ ᠳ᠋ᠤ᠌ ᠪᠠᠨ ᠭᠣᠮᠣᠳᠠᠨ᠎ᠠ ᠬᠦᠢ

ᠰᠢᠽᠢ( ᠲᠠᠲᠠᠭᠠᠯ) ᠳ᠋ᠤ᠌ ᠪᠠᠨ ᠲᠠᠷᠢᠭᠰᠠᠨ ᠰᠢ ᠭᠤᠸᠠ( ᠲᠠᠷᠪᠤᠰ)
ᠰᠢ ᠭᠤᠸᠠ ᠶ᠋ᠢᠨ ᠰᠥᠮᠥᠰᠦᠨ ᠦ᠌ ᠬᠢᠨᠢ ᠠᠮᠲᠠ ᠠ᠋ ᠬᠦᠢ
ᠰᠢᠯᠡᠮᠡᠳᠡᠨ ᠰᠢᠯᠡᠮᠡᠳᠡᠨ ᠮᠥᠮᠥᠬᠦ ᠯᠠᠢ ᠳᠠ
ᠮᠥᠮᠥ ᠶ᠋ᠢᠨ ᠮᠢᠨᠢ ᠰᠦ ᠶ᠋ᠢᠨ ᠠᠮᠲᠠ ᠠ᠋ ᠬᠦᠢ

ᠳᠠᠯᠠᠩ ᠳ᠋ᠤ᠌ ᠪᠠᠨ ᠲᠠᠷᠢᠭᠰᠠᠨ ᠳᠠ ᠭᠤᠸᠠ ᠬᠦᠢ
ᠳᠡ ᠭᠤᠸᠠ ᠶ᠋ᠢᠨ ᠰᠥᠮᠥᠰᠦᠨ ᠦ᠌ ᠬᠢᠨᠢ ᠠᠮᠲᠠ ᠠ᠋ ᠬᠦᠢ
ᠲᠠᠪᠰᠢᠨ ᠳᠠᠪᠰᠢᠨ ᠮᠥᠮᠥᠬᠦ ᠯᠠᠢ ᠳᠠ
ᠮᠥᠮᠥ ᠶ᠋ᠢᠨ ᠮᠢᠨᠢ ᠰᠦ ᠶ᠋ᠢᠨ ᠠᠮᠲᠠ ᠠ᠋ ᠬᠦᠢ

ᠠᠷᠤ ᠶ᠋ᠢᠨ ᠠᠭᠤᠯᠠᠨ ᠳᠡᠭᠡᠷ᠎ᠡ ᠪᠡᠨ ᠭᠠᠷᠬᠤᠯᠠᠢ (ᠭᠠᠷᠬᠤᠯᠠᠷ) ᠬᠦᠢ
ᠠᠪᠤ ᠶ᠋ᠢᠨ ᠨᠤᠲᠤᠭ ᠣᠷᠣᠨ ᠮᠢᠨᠢ ᠦᠵᠡᠭᠳᠡᠮᠡᠷ ᠬᠦᠢ
ᠠᠷᠭ᠎ᠠ ᠪᠠᠨ ᠪᠠᠷᠠᠭᠠᠳ ᠰᠠᠨᠠᠬᠤ ᠳ᠋ᠤ᠌ ᠪᠠᠨ
ᠠᠩᠭ᠎ᠠ ᠴᠢᠨᠢ ᠨᠤᠭᠤᠨᠵᠠᠶᠠᠭ᠎ᠠ ᠳᠠᠭᠤᠯᠠᠨ᠎ᠠ ᠬᠦᠢ

ᠡᠩᠭᠡᠷ ᠦ᠋ᠨ ᠠᠭᠤᠯᠠᠨ ᠳᠡᠭᠡᠷ᠎ᠡ ᠪᠡᠨ ᠭᠠᠷᠬᠤᠯᠠᠢ (ᠭᠠᠷᠬᠤᠯᠠᠷ)
ᠡᠮᠧ ᠪᠣᠯᠣᠳ ᠠᠪᠤ ᠮᠢᠨᠢ ᠦᠵᠡᠭᠳᠡᠮᠡᠷ ᠬᠦᠢ
ᠡᠩᠰᠡᠯᠲᠡᠯ᠎ᠡ ᠪᠡᠨ ᠰᠠᠨᠠᠭᠠᠳ ᠲᠡᠰᠬᠦ ᠦᠭᠡᠢ ᠳ᠋ᠦ᠍ ᠪᠡᠨ
ᠥᠬᠢᠨ ᠴᠢᠨᠢ ᠨᠤᠭᠤᠨᠵᠠᠶᠠᠭ᠎ᠠ ᠳᠠᠭᠤᠯᠠᠨ᠎ᠠ ᠬᠦᠢ

  ᠦᠰᠦᠭ ᠠᠮᠢᠯᠠᠭᠤᠯᠵᠤ ᠬᠠᠲᠠᠭᠰᠠᠨ ᠨᠢ᠄ ᠭᠠᠸᠠ
  ᠬᠢᠨᠠᠭᠴᠢ᠄ ᠢᠷᠡᠭᠡᠳᠦᠢ