ᠭᠡᠷᠡᠯᠲᠡᠢ ᠶᠠᠪᠤᠨ᠎ᠠ ᠪᠢГэрэлтэй явна би ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷᠡᠯᠲᠡᠢ ᠶᠠᠪᠤᠨ᠎ᠠ ᠪᠢГэрэлтэй явна би

ᠭᠡᠷᠡᠯᠲᠡᠢ ᠶᠠᠪᠤᠨ᠎ᠠ ᠪᠢГэрэлтэй явна би

ᠠᠩᠭᠢᠯᠠᠯ:ᠳᠠᠭᠤᠤ ᠬᠥᠭᠵᠢᠮ
2022-10-23

429

ᠭᠡᠷᠡᠯᠲᠡᠢ ᠶᠠᠪᠤᠨ᠎ᠠ ᠪᠢ

   ᠦᠭᠡ  ᠪᠣᠷᠵᠢᠭᠢᠨ ᠳᠡᠭᠵᠢᠷᠡᠬᠦᠦ

   ᠠᠶ᠎ᠠ  ᠣᠷᠴᠢᠯᠠᠩ

   ᠳᠠᠭᠤᠴᠢᠨ  

     ᠪᠣᠣ ᠶᠢᠨ ᠲᠢᠩ

     ᠣᠷᠴᠢᠯᠠᠩ

     ᠳᠡᠭᠵᠢᠷᠡᠬᠦᠦ

ᠠᠷᠠᠳ ‍ᠤᠨ ᠳᠠᠭᠤᠤ ᠎ᠪᠠᠨ ᠳᠠᠭᠤᠯᠠᠵᠤ ᠶᠠᠪᠤᠨ᠎ᠠ ᠪᠢ
ᠠᠪᠤ ᠡᠵᠢ ᠪᠡᠨ ᠪᠠᠶᠠᠷᠯᠠᠭᠤᠯᠵᠤ ᠶᠠᠪᠤᠨ᠎ᠠ ᠪᠢ
ᠠᠬ᠎ᠠ ᠳᠡᠭᠦᠦ ᠨᠠᠷ ᠎ᠲᠠᠢ ᠎ᠪᠠᠨ ᠨᠠᠶ᠋ᠢᠷᠰᠠᠭ ᠶᠠᠪᠤᠨ᠎ᠠ ᠪᠢ
ᠠᠮᠢᠳᠤᠷᠠᠯ ‍ᠤᠨ ᠵᠠᠮ ᠳ᠋ᠠᠭᠠᠨ ᠡᠷᠴᠢᠲᠡᠢ ᠶᠠᠪᠤᠨ᠎ᠠ ᠪᠢ

ᠤᠷᠲᠤ ‍ᠶ᠋ᠢᠨ ᠳᠠᠭᠤᠤ ᠎ᠪᠠᠨ ᠳᠠᠭᠤᠯᠠᠵᠤ ᠶᠠᠪᠤᠨ᠎ᠠ ᠪᠢ
ᠤᠷᠤᠭ ‍ᠤᠨ ᠤᠷᠤᠭ ‍ᠢᠶ᠋ᠠᠨ ᠳᠠᠭᠠᠳᠬᠠᠵᠤ ᠶᠠᠪᠤᠨ᠎ᠠ ᠪᠢ
ᠤᠰᠤ ᠨᠤᠲᠤᠭ ᠎ᠲᠠᠭᠠᠨ ᠰᠦᠵᠢᠷᠡᠵᠦ ᠶᠠᠪᠤᠨ᠎ᠠ ᠪᠢ
ᠤᠬᠠᠭᠠᠨ ᠰᠡᠳᠬᠢᠯ ‍ᠢᠶ᠋ᠡᠨ ᠠᠷᠢᠭᠤᠰᠬᠠᠵᠤ ᠶᠠᠪᠤᠨ᠎ᠠ ᠪᠢ

ᠡᠷᠭᠢᠵᠦ ᠢᠷᠡᠬᠦ ᠦᠭᠡᠢ ᠬᠣᠷᠸ᠋᠎ᠠ ᠶᠤᠮ ᠰᠢᠦ
ᠡᠬᠡ ᠣᠷᠣᠨ ‍ᠢᠶ᠋ᠠᠨ ᠬᠠᠶ᠋ᠢᠷᠠᠯᠠᠵᠤ ᠶᠠᠪᠤᠨ᠎ᠠ ᠪᠢ
ᠡᠩᠬᠡ ᠮᠥᠩᠬᠡ ‍ᠶ᠋ᠢᠨ ᠳᠡᠯᠡᠬᠡᠢ ᠶᠤᠮ ᠰᠢᠦ
ᠡᠷᠴᠢ ᠳᠦᠭᠦᠷᠡᠩ ᠭᠡᠷᠡᠯᠲᠡᠢ ᠶᠠᠪᠤᠨ᠎ᠠ ᠪᠢ

ᠬᠠᠭᠠᠨ ᠬᠤᠭᠤᠷ ‍ᠢᠶ᠋ᠠᠨ ᠬᠥᠭᠯᠡᠵᠦ ᠶᠠᠪᠤᠨ᠎ᠠ ᠪᠢ
ᠬᠠᠯᠠᠭᠤᠨ ᠪᠦᠯᠢ ᠎ᠪᠡᠨ ᠲᠦᠰᠢᠵᠦ ᠶᠠᠪᠤᠨ᠎ᠠ ᠪᠢ
ᠬᠠᠶ᠋ᠢᠷ᠎ᠠ ‍ᠶ᠋ᠢᠨ ᠭᠠᠯ ‍ᠢᠶ᠋ᠠᠨ ᠪᠠᠳᠠᠷᠠᠭᠠᠵᠤ ᠶᠠᠪᠤᠨ᠎ᠠ ᠪᠢ
ᠬᠠᠨᠢᠰᠠᠬᠤ ᠵᠠᠶᠠᠭᠠᠨ ᠳ᠋ᠠᠭᠠᠨ ᠦᠨᠡᠨᠴᠢᠬᠡᠨ ᠶᠠᠪᠤᠨ᠎ᠠ ᠪᠢ

ᠪᠠᠶᠠᠨ ᠪᠠᠶ᠋ᠢᠭᠠᠯᠢ ᠎ᠪᠠᠨ ᠳᠡᠭᠡᠳᠦᠯᠡᠵᠦ ᠶᠠᠪᠤᠨ᠎ᠠ ᠪᠢ
ᠪᠠᠬᠠᠷᠤᠮ᠎ᠠ ᠰᠣᠶᠣᠯ ‍ᠢᠶ᠋ᠠᠷ ‍ᠢᠶ᠋ᠠᠨ ᠳᠡᠯᠭᠡᠷᠡᠵᠦ ᠶᠠᠪᠤᠨ᠎ᠠ ᠪᠢ
ᠪᠠᠭᠠᠴᠤᠳ ᠬᠡᠦᠬᠡᠳ ‍ᠢᠶ᠋ᠡᠷ ‍ᠢᠶ᠋ᠡᠨ ᠪᠠᠬᠠᠷᠬᠠᠵᠤ ᠶᠠᠪᠤᠨ᠎ᠠ ᠪᠢ
ᠪᠠᠳᠠᠷᠠᠯ ᠬᠥᠭᠵᠢᠯ ‍ᠢᠶ᠋ᠡᠨ ᠬᠤᠷᠤᠶ᠋ᠢᠯᠠᠵᠤ ᠶᠠᠪᠤᠨ᠎ᠠ ᠪᠢ

ᠡᠷᠭᠢᠵᠦ ᠢᠷᠡᠬᠦ ᠦᠭᠡᠢ ᠬᠣᠷᠸ᠋᠎ᠠ ᠶᠤᠮ ᠰᠢᠦ
ᠡᠬᠡ ᠣᠷᠣᠨ ᠵᠶ᠋ᠠᠨ ᠬᠠᠶ᠋ᠢᠷᠠᠯᠠᠵᠤ ᠶᠠᠪᠤᠨ᠎ᠠ ᠪᠢ
ᠡᠩᠬᠡ ᠮᠥᠩᠬᠡ ᠶ᠋ᠢᠨ ᠳᠡᠯᠡᠬᠡᠢ ᠶᠤᠮ ᠰᠢᠦ
ᠡᠷᠴᠢ ᠳᠦᠭᠦᠷᠡᠩ ᠭᠡᠷᠡᠯᠲᠡᠢ ᠶᠠᠪᠤᠨ᠎ᠠ ᠪᠢ