ᠡᠵᠢ ᠪᠡᠨ ᠵᠡᠭᠦᠳᠦᠯᠡᠯ᠎ᠡ -ᠪᠣᠯᠣᠷᠲᠤᠶᠠᠭ᠎ᠠEejee züüdellee-BolortuyaaЭэжээ зүүдэллээ-Болортуяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠪᠡᠨ ᠵᠡᠭᠦᠳᠦᠯᠡᠯ᠎ᠡ -ᠪᠣᠯᠣᠷᠲᠤᠶᠠᠭ᠎ᠠEejee züüdellee-BolortuyaaЭэжээ зүүдэллээ-Болортуяа

ᠡᠵᠢ ᠪᠡᠨ ᠵᠡᠭᠦᠳᠦᠯᠡᠯ᠎ᠡ -ᠪᠣᠯᠣᠷᠲᠤᠶᠠᠭ᠎ᠠEejee züüdellee-BolortuyaaЭэжээ зүүдэллээ-Болортуяа

ᠠᠩᠭᠢᠯᠠᠯ:ᠳᠠᠭᠤᠤ ᠬᠥᠭᠵᠢᠮ
2025-11-22

519

ᠡᠵᠢ ᠪᠡᠨ ᠵᠡᠭᠦᠳᠦᠯᠡᠯ᠎ᠡ

     ᠦᠭᠡ· ᠠᠶ᠎ᠠ᠄ ᠵ· ᠪᠠᠲᠦᠪᠣᠯᠣᠳ   
     ᠳᠠᠭᠤᠴᠢᠨ᠄  ᠪᠣᠯᠣᠷᠲᠤᠶᠠᠭ᠎ᠠ 
ᠠᠯᠲᠠᠨ ᠨᠠᠷᠠᠨ ᠤ᠋ ᠰᠠᠴᠤᠷᠠᠭ ᠳᠠᠭᠠᠭᠤᠯᠤᠭᠰᠠᠭᠠᠷ  
ᠡᠵᠢ ᠮᠢᠨᠢ ᠢᠨᠢᠶᠡᠭᠰᠡᠭᠡᠷ ᠢᠷᠡᠯ᠎ᠡ  
ᠠᠯᠳᠠᠷᠠᠢ ᠪᠠᠢᠭ᠎ᠠ ᠨᠠᠰᠤ ᠶ᠋ᠢ ᠮᠢᠨᠢ ᠥᠬᠥᠭᠡᠷᠳᠡᠨ ᠶᠠᠷᠢᠵᠤ ᠥᠭᠭᠦᠯ᠎ᠡ 
ᠳᠠᠩᠴᠤ ᠬᠡᠨᠡᠭ ᠦᠭᠡᠢ ᠶᠠᠪᠤᠭᠰᠠᠨ ᠢ᠋ᠶ᠋ᠠᠨ ᠳᠤᠷᠠᠰᠤᠨ ᠪᠣᠳᠣᠵᠤ ᠥᠮᠥᠯᠵᠡᠯ᠎ᠡ 
ᠳᠠᠪᠤᠤ ᠳᠡᠪᠡᠯ ᠦ᠋ᠨ ᠡᠩᠭᠡᠷ ᠢ᠋ ᠨᠢ ᠦᠨᠦᠷᠯᠡᠨ ᠮᠡᠭᠰᠢᠨ ᠤᠬᠢᠯᠠᠯ᠎ᠠ  
   ᠠ᠋ ᠪᠦᠪᠡᠢ ᠠ᠋ ᠪᠦᠪᠡᠢ 
   ᠡᠵᠢ ᠪᠡᠨ ᠵᠡᠭᠦᠳᠦᠯᠡᠭᠡᠳ ᠰᠡᠷᠢᠯ᠎ᠡ  
ᠥᠩᠭᠡ ᠠᠯᠠᠭ ᠴᠡᠴᠡᠭᠡᠰ ᠦ᠋ᠨ ᠳᠤᠮᠳᠠ ᠡᠵᠢ ᠲᠡᠢ ᠪᠡᠨ ᠶᠠᠷᠢᠯᠴᠠᠵᠤ ᠬᠠᠮᠲᠤ ᠰᠠᠭᠤᠯ᠎ᠠ 
ᠥᠪᠡᠷ ᠲᠦ᠍ ᠵᠠᠶᠠᠭᠠᠭᠰᠠᠨ ᠬᠠᠢᠷᠠᠯᠠᠵᠤ ᠶᠠᠪᠤᠭᠠᠷᠠᠢ ᠭᠡᠵᠦ ᠵᠠᠬᠢᠯ᠎ᠠ 
ᠥᠪᠡᠷ ᠦ᠋ᠨ ᠡᠷᠬᠡ ᠦᠭᠡᠢ ᠰᠡᠮᠡᠷᠡᠵᠦ ᠡᠩᠬᠦᠷᠡᠢᠯᠡᠨ ᠬᠠᠢᠷᠠᠯᠠᠨ ᠲᠡᠪᠡᠷᠢᠯ᠎ᠡ  
ᠦᠷ ᠴᠠᠢᠲᠠᠯ᠎ᠠ ᠡᠵᠢ ᠲᠡᠢ ᠪᠡᠨ ᠢᠩᠭᠢᠭᠡᠳ ᠯᠡ ᠰᠠᠭᠤᠮᠠᠷ ᠰᠠᠨᠠᠭᠳᠠᠯ᠎ᠠ   
  ᠠ᠋ ᠪᠦᠪᠡᠢ ᠠ᠋ ᠪᠦᠪᠡᠢ  
  ᠡᠵᠢ ᠪᠡᠨ ᠵᠡᠭᠦᠳᠦᠯᠡᠭᠡᠳ ᠰᠡᠷᠢᠯ᠎ᠡ  
ᠰᠢᠳᠢᠲᠦ ᠨᠠᠷᠠᠨ ᠤ᠋ ᠵᠦᠭ ᠡᠵᠢ ᠮᠢᠨᠢ ᠠᠭᠤᠰᠤᠨ ᠠᠭᠤᠰᠤᠭᠰᠠᠭᠠᠷ  ᠠᠯᠤᠰᠷᠠᠯ᠎ᠠ 
ᠰᠢᠨᠡᠬᠡᠨ ᠥᠷᠯᠥᠭᠡ ᠨᠠᠮ᠎ᠠ ᠶ᠋ᠢ ᠤᠭᠲᠤᠵᠤ ᠵᠡᠭᠦᠳᠦ ᠨᠣᠢᠷ ᠠ᠋ᠴᠠ ᠪᠠᠨ ᠰᠡᠷᠢᠯ᠎ᠡ  
ᠦᠳᠡᠯᠡᠭᠡᠳ ᠪᠤᠴᠠᠳᠠᠭ ᠠᠮᠢᠳᠤᠷᠠᠯ ᠤ᠋ᠨ ᠦᠨᠡᠨ ᠬᠤᠳᠠᠯ ᠢ᠋ ᠤᠬᠠᠭᠠᠷᠠᠯ᠎ᠠ 
ᠦᠷᠭᠦᠯᠵᠢ ᠪᠢ ᠡᠵᠢ ᠪᠡᠨ ᠳᠠᠭᠤᠯᠠᠭᠠᠳ ᠯᠠ ᠰᠠᠭᠤᠮᠠᠷ ᠰᠠᠨᠠᠭᠳᠠᠯ᠎ᠠ
   ᠠ᠋ ᠪᠦᠪᠡᠢ ᠠ᠋ ᠪᠦᠪᠡᠢ  
   ᠡᠵᠢ ᠪᠡᠨ ᠵᠡᠭᠦᠳᠦᠯᠡᠭᠡᠳ ᠰᠡᠷᠢᠯ᠎ᠡ
   ᠠ᠋ ᠪᠦᠪᠡᠢ ᠠ᠋ ᠪᠦᠪᠡᠢ  
   ᠡᠵᠢ ᠪᠡᠨ ᠵᠡᠭᠦᠳᠦᠯᠡᠭᠡᠳ ᠰᠡᠷᠢᠯ᠎ᠡ  

   ᠦᠰᠦᠭ ᠠᠮᠢᠯᠠᠭᠤᠯᠤᠭᠴᠢ᠄ ᠪᠦᠷᠢᠨᠵᠢᠷᠭᠠᠯ 
   ᠦᠰᠦᠭ ᠬᠠᠲᠠᠭᠴᠢ᠄  ᠪᠦᠷᠢᠨᠵᠢᠷᠭᠠᠯ 
   ᠬᠢᠨᠠᠭᠴᠢ᠄  ᠡᠷᠳᠡᠨᠢᠪᠢᠯᠢᠭ