ᠵᠡᠭᠦᠳᠦ -ᠭᠠᠩᠪᠠ《motive 》ᠬᠠᠮᠲᠤᠯᠢᠭ Züüd-Ganba“motive ”khamtlagЗүүд-Ганба“motive ”хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦ -ᠭᠠᠩᠪᠠ《motive 》ᠬᠠᠮᠲᠤᠯᠢᠭ Züüd-Ganba“motive ”khamtlagЗүүд-Ганба“motive ”хамтлаг

ᠵᠡᠭᠦᠳᠦ -ᠭᠠᠩᠪᠠ《motive 》ᠬᠠᠮᠲᠤᠯᠢᠭ Züüd-Ganba“motive ”khamtlagЗүүд-Ганба“motive ”хамтлаг

ᠠᠩᠭᠢᠯᠠᠯ:ᠳᠠᠭᠤᠤ ᠬᠥᠭᠵᠢᠮ
2025-11-21

262

ᠵᠡᠭᠦᠳᠦ


     ᠦᠭᠡ᠄ ᠳ᠂ ᠪᠠᠨᠽᠠᠷᠠᠭᠴᠢ 
     ᠠᠶ᠎ᠠ᠄ ᠭ᠂ ᠡᠩᠬᠡᠪᠠᠶᠠᠷ 
     ᠳᠠᠭᠤᠴᠢᠨ᠄ ᠭᠠᠩᠪᠠ《motive 》ᠬᠠᠮᠲᠤᠯᠢᠭ 

ᠮᠥᠩᠭᠥᠨ ᠰᠥᠨᠢ ᠶ᠋ᠢ ᠭᠢᠯᠪᠠᠭᠤᠯᠤᠭᠠᠳ 
ᠮᠢᠨᠦ ᠣᠳᠣ ᠨᠠᠳᠠ ᠳ᠋ᠠᠭᠠᠨ ᠢᠷᠡᠯ᠎ᠡ 
ᠮᠥᠩᠭᠥᠨ ᠰᠥᠨᠢ ᠶ᠋ᠢ ᠮᠠᠷᠲᠠᠭᠤᠯᠤᠭᠠᠳ 
ᠮᠢᠩᠭᠠᠨ ᠣᠳᠣᠨ ᠠ᠋ᠴᠠ ᠲᠠᠰᠤᠷᠠᠵᠤ ᠢᠷᠡᠯ᠎ᠡ 

ᠮᠥᠷᠥᠭᠡᠳᠦᠨ ᠮᠥᠷᠥᠭᠡᠳᠦᠨ ᠬᠦᠯᠢᠶᠡᠭᠰᠡᠨ 
ᠮᠢᠨᠦ ᠵᠢᠷᠦᠬᠡᠨ ᠳ᠋ᠦ᠍ ᠴᠢ ᠪᠠᠭᠤᠯ᠎ᠠ 
ᠮᠠᠷᠲᠠᠨ ᠬᠣᠯᠠᠳᠠᠬᠤ ᠶ᠋ᠢᠨ ᠵᠣᠪᠠᠯᠠᠩ ᠦᠭᠡᠢ 
ᠮᠢᠨᠦ ᠵᠡᠭᠦᠳᠦᠨ ᠳ᠋ᠦ᠍ ᠴᠢ ᠢᠷᠡᠯ᠎ᠡ

ᠬᠠᠢᠷ᠎ᠠ ᠶ᠋ᠢᠨ ᠡᠩᠭᠡᠷ ᠢ᠋ ᠭᠢᠯᠪᠠᠭᠤᠯᠤᠭᠠᠳ
ᠬᠥᠭᠡᠷᠦᠬᠦᠨ ᠴᠢ ᠬᠦᠷᠦᠭᠡᠳ
ᠬᠠᠳᠠᠭ ᠤ᠋ᠨ ᠵᠡᠭᠦᠳᠦ ᠶ᠋ᠢ ᠨᠠᠮᠢᠷᠠᠭᠤᠯᠤᠭᠠᠳ
ᠬᠣᠯᠠ ᠶ᠋ᠢᠨ ᠬᠣᠯᠠ ᠠ᠋ᠴᠠ ᠪᠠᠭᠤᠵᠤ ᠢᠷᠡᠯ᠎ᠡ

ᠮᠥᠷᠥᠭᠡᠳᠦᠨ ᠮᠥᠷᠥᠭᠡᠳᠦᠨ ᠬᠦᠯᠢᠶᠡᠭᠰᠡᠨ
ᠮᠢᠨᠦ ᠵᠢᠷᠦᠬᠡᠨ᠎ᠳᠦ ᠴᠢ ᠪᠠᠭᠤᠯ᠎ᠠ
ᠮᠠᠷᠲᠠᠨ ᠬᠣᠯᠠᠳᠠᠬᠤ ᠶ᠋ᠢᠨ ᠵᠣᠪᠠᠯᠠᠩ ᠦᠭᠡᠢ
ᠮᠢᠨᠦ ᠵᠡᠭᠦᠳᠦᠨ ᠳ᠋ᠦ᠍ ᠴᠢ ᠢᠷᠡᠯ᠎ᠡ

ᠬᠠᠢᠷᠠᠲᠤ ᠵᠢᠷᠦᠬᠡ ᠶ᠋ᠢ ᠭᠢᠯᠪᠠᠭᠤᠯᠤᠭᠠᠳ
ᠲᠠᠩᠬᠢᠯ ᠴᠢ ᠬᠦᠷᠦᠭᠡᠳ ᠢᠷᠡᠯ᠎ᠡ
ᠳᠣᠷᠭᠣᠨ ᠵᠡᠭᠦᠳᠦ ᠶ᠋ᠢ ᠨᠠᠮᠢᠷᠠᠭᠤᠯᠤᠭᠠᠳ
ᠲᠣᠭᠣᠨᠣᠨ ᠳᠡᠭᠡᠷ᠎ᠡ ᠡᠴᠡ ᠪᠠᠭᠤᠵᠤ ᠢᠷᠡᠯ᠎ᠡ

ᠮᠥᠷᠥᠭᠡᠳᠦᠨ ᠮᠥᠷᠥᠭᠡᠳᠦᠨ ᠬᠦᠯᠢᠶᠡᠭᠰᠡᠨ
ᠮᠢᠨᠦ ᠵᠢᠷᠦᠬᠡᠨ᠎ᠳᠦ ᠴᠢ ᠪᠠᠭᠤᠯ᠎ᠠ
ᠮᠠᠷᠲᠠᠨ ᠬᠣᠯᠠᠳᠠᠬᠤ ᠶ᠋ᠢᠨ ᠵᠣᠪᠠᠯᠠᠩ ᠦᠭᠡᠢ
ᠮᠢᠨᠦ ᠵᠡᠭᠦᠳᠦᠨ ᠳ᠋ᠦ᠍ ᠴᠢ ᠢᠷᠡᠯ᠎ᠡ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠰᠣᠶᠣᠯ᠂ ᠤᠳᠬᠠᠨᠰᠣ᠎ᠠ