《ᠮᠣᠩᠭᠣᠯ ᠤ᠋ᠨ ᠨᠢᠭᠤᠴᠠ ᠲᠣᠪᠴᠢᠶᠠᠨ》ᠨᠢᠭᠡᠳᠦᠭᠡᠷ ᠪᠦᠯᠦᠭ-ᠲᠡᠮᠦᠵᠢᠨ ᠦ᠌ ᠤᠭ ᠭᠠᠷᠤᠯ ᠪᠠ ᠪᠠᠭ᠎ᠠ ᠨᠠᠰᠤᠨ ᠤ᠋ ᠦᠶ᠎ᠡТэмүжиний уг гарал ба бага насны үе
ᠲᠡᠮᠦᠵᠢᠨ ᠦ᠌ ᠤᠭ ᠭᠠᠷᠤᠯ ᠪᠠ ᠪᠠᠭ᠎ᠠ ᠨᠠᠰᠤᠨ ᠤ᠋ ᠦᠶ᠎ᠡ
1᠂ ᠴᠢᠩᠭᠢᠰ ᠬᠠᠭᠠᠨ ᠤ᠋ ᠢᠵᠠᠭᠤᠷ᠂ ᠳᠡᠭᠡᠳᠦ ᠲᠡᠭᠷᠢ ᠡᠴᠡ ᠵᠠᠶᠠᠭᠠᠲᠤ ᠲᠥᠷᠥᠭᠰᠡᠨ ᠪᠥᠷᠲᠡ ᠴᠢᠨᠣ᠎ᠠ᠂ ᠭᠡᠷᠭᠡᠢ ᠭᠤᠸ᠎ᠠ ᠮᠠᠷᠠᠯ ᠤ᠋ᠨ ᠬᠠᠮᠲᠤ ᠲᠠᠩᠭᠢᠰ ᠳᠠᠯᠠᠢ ᠶ᠋ᠢ ᠭᠡᠲᠦᠯᠵᠦ ᠢᠷᠡᠭᠡᠳ ᠤᠨᠤᠨ ᠮᠥᠷᠡᠨ ᠦ᠌ ᠡᠬᠢ ᠪᠤᠷᠬᠠᠨ ᠬᠠᠯᠳᠤᠨ ᠠᠭᠤᠯᠠᠨ ᠳ᠋ᠤ᠌ ᠨᠤᠲᠤᠭᠯᠠᠵᠤ ᠪᠠᠲᠤᠴᠠᠭᠠᠨ ᠭᠡᠳᠡᠭ ᠨᠢᠭᠡᠨ ᠬᠥᠪᠡᠭᠦᠨ ᠢ᠋ ᠲᠥᠷᠥᠭᠦᠯᠵᠡᠢ᠃
2᠂ ᠪᠠᠲᠤᠴᠠᠭᠠᠨ ᠤ᠋ ᠬᠥᠪᠡᠭᠦᠨ ᠲᠡᠮᠡᠴᠡ᠂ ᠲᠡᠮᠡᠴᠡ ᠶ᠋ᠢᠨ ᠬᠥᠪᠡᠭᠦᠨ ᠬᠣᠷᠢᠴᠠᠷ ᠮᠡᠷᠭᠡᠨ᠂ ᠬᠣᠷᠢᠴᠠᠷ ᠮᠡᠷᠭᠡᠨ ᠦ᠌ ᠬᠥᠪᠡᠭᠦᠨ ᠠᠭᠤᠵᠠᠮ ᠪᠤᠭᠤᠷᠤᠯ᠂ ᠠᠭᠤᠵᠠᠮ ᠪᠤᠭᠤᠷᠤᠯ ᠤ᠋ᠨ ᠬᠥᠪᠡᠭᠦᠨ ᠰᠠᠯᠢ ᠬᠠᠴᠠᠭᠤ᠂ ᠰᠠᠯᠢ ᠬᠠᠴᠠᠭᠤ ᠶ᠋ᠢᠨ ᠬᠥᠪᠡᠭᠦᠨ ᠶᠡᠬᠡ ᠨᠢᠳᠦᠨ᠂ ᠶᠡᠬᠡ ᠨᠢᠳᠦᠨ ᠦ᠌ ᠬᠥᠪᠡᠭᠦᠨ ᠰᠠᠮ ᠰᠣᠴᠢ᠂ ᠰᠠᠮ ᠰᠣᠴᠢ ᠶ᠋ᠢᠨ ᠬᠥᠪᠡᠭᠦᠨ ᠬᠠᠷᠴᠤ᠃
3᠂ ᠬᠠᠷᠴᠤ ᠶ᠋ᠢᠨ ᠬᠥᠪᠡᠭᠦᠨ ᠪᠣᠷᠵᠢᠭᠢᠳᠠᠢ ᠮᠡᠷᠭᠡᠨ ᠪᠥᠯᠥᠭᠡ᠃ ᠪᠣᠷᠵᠢᠭᠢᠳᠠᠢ ᠮᠡᠷᠭᠡᠨ ᠦ᠌ ᠭᠡᠷᠭᠡᠢ ᠨᠢ ᠮᠣᠩᠭᠣᠯᠵᠢᠨ ᠭᠤᠸ᠎ᠠ᠂ ᠲᠡᠭᠦᠨ ᠡᠴᠡ ᠲᠥᠷᠥᠭᠰᠡᠨ ᠬᠥᠪᠡᠭᠦᠨ ᠲᠣᠷᠣᠭᠣᠯᠵᠢᠨ ᠪᠠᠶᠠᠨ᠃ ᠲᠣᠷᠣᠭᠣᠯᠵᠢᠨ ᠪᠠᠶᠠᠨ᠂ ᠪᠣᠷᠣᠭᠴᠢᠨ ᠭᠤᠸ᠎ᠠ ᠭᠡᠷᠭᠡᠢ ᠲᠡᠢ᠂ ᠪᠣᠷᠣᠯᠳᠠᠢ ᠰᠣᠶᠠᠯᠪᠢ ᠭᠡᠳᠡᠭ ᠵᠠᠯᠠᠭᠤ ᠵᠠᠷᠤᠴᠠ ᠲᠠᠢ᠂ ᠲᠠᠢᠷ᠂ ᠪᠣᠷᠣ ᠬᠣᠶᠠᠷ ᠬᠦᠯᠦᠭ ᠮᠣᠷᠢ ᠲᠠᠢ ᠪᠥᠯᠥᠭᠡ᠃ ᠲᠣᠷᠭᠣᠯᠵᠢᠨ ᠪᠠᠶᠠᠨ ᠤ᠋ ᠬᠥᠪᠡᠭᠦᠨ ᠲᠣᠧᠨ ᠰᠣᠬᠣᠷ᠂ ᠳᠣᠪᠣᠨ ᠮᠡᠷᠭᠡᠨ ᠬᠣᠶᠠᠷ ᠪᠥᠯᠥᠭᠡ᠃
4᠂ ᠲᠣᠧᠨ ᠰᠣᠬᠣᠷ᠂ ᠮᠠᠩᠨᠠᠢ ᠳᠤᠮᠳᠠ ᠪᠠᠨ ᠭᠠᠭᠴᠠ ᠨᠢᠳᠦ ᠲᠡᠢ ᠭᠤᠷᠪᠠᠨ ᠨᠡᠭᠦᠳᠡᠯ ᠦ᠋ᠨ ᠭᠠᠵᠠᠷ ᠬᠠᠷᠠᠬᠤ ᠪᠥᠯᠥᠭᠡ᠃
5᠂ ᠨᠢᠭᠡᠨ ᠡᠳᠦᠷ ᠲᠣᠧᠨ ᠰᠣᠬᠣᠷ᠂ ᠳᠣᠪᠣᠨ ᠮᠡᠷᠭᠡᠨ ᠳᠡᠭᠦᠦ ᠲᠡᠢ ᠪᠡᠨ ᠪᠤᠷᠬᠠᠨ ᠬᠠᠯᠳᠤᠨ ᠠᠭᠤᠯᠠᠨ ᠳᠡᠭᠡᠷ᠎ᠡ ᠭᠠᠷᠪᠠ᠃ ᠲᠣᠧᠨ ᠰᠣᠬᠣᠷ᠂ ᠪᠤᠷᠬᠠᠨ ᠬᠠᠯᠳᠤᠨ ᠳᠡᠭᠡᠷ᠎ᠡ ᠡᠴᠡ ᠬᠠᠷᠠᠪᠠᠯ ᠲᠦᠩᠬᠡᠯᠢᠭ ᠭᠣᠷᠣᠬ᠎ᠠ ᠶ᠋ᠢᠨ ᠤᠷᠤᠭᠤ ᠨᠢᠭᠡᠨ ᠪᠦᠯᠦᠭ ᠢᠷᠭᠡᠨ ᠨᠡᠭᠦᠵᠦ ᠠᠢᠰᠤᠢ᠃
6᠂ ᠲᠣᠧᠨ ᠰᠣᠬᠣᠷ ᠥᠭᠦᠯᠡᠷᠦᠨ᠄ 《ᠲᠡᠷᠡ ᠨᠡᠭᠦᠳᠡᠯ ᠢᠷᠭᠡᠨ ᠦ᠌ ᠳᠣᠲᠣᠷ᠎ᠠ᠂ ᠲᠡᠷᠭᠡᠨ ᠦ᠌ ᠮᠤᠬᠤᠯᠠᠭ ᠤ᠋ᠨ ᠡᠮᠦᠨ᠎ᠡ ᠨᠢᠭᠡ ᠰᠠᠢᠬᠠᠨ ᠥᠬᠢᠨ ᠰᠠᠭᠤᠵᠤ ᠪᠠᠢᠨ᠎ᠠ᠂ ᠬᠥᠮᠦᠨ ᠦ᠌ ᠭᠡᠷᠭᠡᠢ ᠪᠣᠯᠤᠭ᠎ᠠ ᠦᠭᠡᠢ ᠪᠣᠯ ᠳᠣᠪᠣᠨ ᠮᠡᠷᠭᠡᠨ ᠳᠡᠭᠦᠦ ᠴᠢᠮ᠎ᠠ ᠳ᠋ᠤ᠌ ᠭᠤᠶᠤᠵᠤ ᠭᠡᠷᠭᠡᠢ ᠪᠣᠯᠭᠠᠶ᠎ᠠ》 ᠭᠡᠳ ᠲᠡᠭᠦᠨ ᠢ᠋ ᠦᠵᠡᠭᠦᠯᠬᠦ ᠪᠡᠷ ᠳᠣᠪᠣᠨ ᠮᠡᠷᠭᠡᠨ ᠳᠡᠭᠦᠦ ᠪᠡᠨ ᠢᠯᠡᠭᠡᠪᠡ᠃
7᠂ ᠳᠣᠪᠣᠨ ᠮᠡᠷᠭᠡᠨ᠂ ᠲᠡᠷᠡ ᠨᠡᠭᠦᠳᠡᠯ ᠳ᠋ᠦ᠍ ᠬᠦᠷᠴᠦ ᠥᠬᠢᠨ ᠢ᠋ ᠦᠵᠡᠪᠡᠯ ᠦᠨᠡᠬᠡᠷ ᠠᠯᠳᠠᠷᠲᠠᠢ᠂ ᠭᠣᠶᠣ ᠰᠠᠢᠬᠠᠨ ᠥᠬᠢᠨ ᠪᠥᠭᠡᠳ ᠬᠥᠮᠦᠨ ᠦ᠌ ᠭᠡᠷᠭᠡᠢ ᠪᠣᠯᠤᠭ᠎ᠠ ᠦᠭᠡᠢ ᠠᠵᠠᠢ᠂ᠨᠡᠷ᠎ᠡ ᠠᠯᠤᠨ ᠭᠤᠸ᠎ᠠ ᠭᠡᠨ᠎ᠡ᠃
8᠂ ᠡᠨᠡ ᠥᠬᠢᠨ᠂ ᠬᠣᠷᠢ ᠲᠦᠮᠡᠳ ᠦ᠋ᠨ ᠨᠣᠶᠠᠨ ᠬᠣᠷᠢᠯᠠᠷᠲᠠᠢ ᠮᠡᠷᠭᠡᠨ ᠦ᠌ ᠭᠡᠷᠭᠡᠢ ᠪᠠᠷᠭᠤᠵᠢᠨ ᠭᠤᠸ᠎ᠠ ᠠ᠋ᠴᠠ ᠬᠣᠷᠢ ᠲᠦᠮᠡᠳ ᠦ᠋ᠨ(ᠬᠣᠷᠢ ᠪᠤᠷᠢᠶᠠᠳ) ᠨᠤᠲᠤᠭ ᠠᠷᠢᠭ ᠤᠰᠤ ᠭᠡᠳᠡᠭ ᠭᠠᠵᠠᠷ ᠲᠥᠷᠥᠵᠡᠢ᠃ ᠲᠡᠭᠦᠨ ᠦ᠌ ᠡᠬᠡ ᠪᠠᠷᠭᠤᠵᠢᠨ ᠭᠤᠸ᠎ᠠ ᠪᠣᠯ ᠬᠣᠯᠠ ᠭᠠᠵᠠᠷ ᠤ᠋ᠨ ᠪᠠᠷᠭᠤᠵᠢᠨ ᠳᠥᠭᠥᠮ ᠦ᠋ᠨ ᠡᠵᠡᠨ ᠪᠠᠷᠭᠤᠳᠠᠢ ᠮᠡᠷᠭᠡᠨ ᠦ᠌ ᠥᠬᠢᠨ ᠪᠥᠯᠥᠭᠡ᠂ ᠲᠡᠷᠡ ᠪᠦᠯᠦᠭ ᠢᠷᠭᠡᠨ ᠪᠣᠯ ᠬᠣᠷᠢᠯᠠᠷᠲᠠᠢ ᠮᠡᠷᠭᠡᠨ ᠦ᠌ ᠬᠢ ᠠᠵᠠᠢ᠃
9᠂ ᠬᠣᠷᠢᠯᠠᠷᠲᠠᠢ ᠮᠡᠷᠭᠡᠨ᠂ ᠬᠣᠷᠢ ᠲᠦᠮᠡᠳ ᠦ᠋ᠨ ᠭᠠᠵᠠᠷ ᠲᠤ᠌ ᠪᠤᠯᠠᠭ᠎ᠠ᠂ ᠬᠡᠷᠡᠮᠦ ᠵᠡᠷᠭᠡ ᠠᠩ ᠭᠥᠷᠥᠭᠡᠰᠦ ᠠᠩᠨᠠᠬᠤ ᠪᠠᠨ ᠬᠣᠷᠢᠭᠯᠠᠨ ᠪᠤᠯᠢᠶᠠᠯᠳᠤᠵᠤ ᠬᠠᠷᠢᠯᠴᠠᠨ ᠮᠠᠭᠤᠳᠠᠯᠴᠠᠭᠠᠳ ᠰᠠᠯᠵᠤ᠂ ᠬᠣᠷᠢᠯᠠᠷ ᠣᠪᠣᠭᠲᠠᠨ ᠪᠣᠯᠤᠭᠠᠳ ᠪᠤᠷᠬᠠᠨ ᠬᠠᠯᠳᠤᠨ ᠠᠭᠤᠯᠠᠨ ᠳ᠋ᠤ᠌ ᠠᠩ ᠭᠥᠷᠥᠭᠡᠰᠦ ᠡᠯᠪᠡᠭ ᠭᠡᠵᠦ ᠰᠣᠨᠣᠰᠴᠤ᠂ ᠪᠤᠷᠬᠠᠨ ᠬᠠᠯᠳᠤᠨ ᠤ᠋ ᠡᠵᠡᠨ ᠪᠤᠷᠬᠠᠨ ᠪᠤᠰᠬᠠᠭᠰᠠᠨ ᠰᠢᠨᠴᠢ ᠪᠠᠶᠠᠨ ᠤᠷᠢᠶᠠᠩᠬᠠᠢ ᠲᠠᠢ ᠠᠭᠤᠯᠵᠠᠬᠤ ᠪᠠᠷ ᠨᠡᠭᠦᠵᠦ ᠢᠷᠡᠭᠰᠡᠨ ᠠᠵᠠᠢ᠃ ᠡᠨᠡᠬᠦ ᠬᠣᠷᠢ ᠲᠦᠮᠡᠳ ᠦ᠋ᠨ ᠨᠣᠶᠠᠨ ᠬᠣᠷᠢᠯᠠᠷᠲᠠᠢ ᠮᠡᠷᠭᠡᠨ ᠦ᠌ ᠥᠬᠢᠨ ᠠᠷᠢᠭ ᠣᠰᠤᠨ᠎ᠠ ᠲᠥᠷᠥᠭᠰᠡᠨ ᠠᠯᠤᠨ ᠭᠤᠸ᠎ᠠ ᠶ᠋ᠢ ᠭᠤᠶᠤᠵᠤ᠂ ᠳᠣᠪᠣᠨ ᠮᠡᠷᠭᠡᠨ ᠦ᠌ ᠭᠡᠷᠭᠡᠢ ᠪᠣᠯᠭᠠᠭᠰᠠᠨ ᠶᠣᠰᠣ ᠲᠡᠢᠮᠦ ᠠᠵᠢ᠃
10᠂ ᠠᠯᠤᠨ ᠭᠤᠸ᠎ᠠ᠂ ᠳᠣᠪᠣᠨ ᠮᠡᠷᠭᠡᠨ ᠳ᠋ᠦ᠍ ᠢᠷᠡᠭᠡᠳ ᠪᠦᠭᠦᠨᠦᠲᠡᠢ᠂ ᠪᠡᠯᠭᠦᠨᠦᠲᠡᠢ ᠭᠡᠳᠡᠭ ᠨᠡᠷ᠎ᠡ ᠲᠡᠢ ᠬᠣᠶᠠᠷ ᠬᠥᠪᠡᠭᠦᠨ ᠢ᠋ ᠲᠥᠷᠥᠭᠦᠯᠪᠡ᠃
11᠂ ᠲᠣᠧᠨ ᠰᠣᠬᠣᠷ ᠠᠬ᠎ᠠ ᠨᠢ ᠳᠥᠷᠪᠡᠨ ᠬᠥᠪᠡᠭᠦᠨ ᠲᠡᠢ ᠪᠥᠯᠥᠭᠡ᠃ ᠲᠣᠧᠨ ᠰᠣᠬᠣᠷ ᠢ᠋ ᠦᠬᠦᠭᠰᠡᠨ ᠦ᠌ ᠬᠣᠢᠨ᠎ᠠ ᠲᠡᠭᠦᠨ ᠦ᠌ ᠳᠥᠷᠪᠡᠨ ᠬᠥᠪᠡᠭᠦᠨ᠂ ᠳᠣᠪᠣᠨ ᠮᠡᠷᠭᠡᠨ ᠢ᠋ ᠠᠪᠠᠭ᠎ᠠ ᠭᠡᠵᠦ ᠦᠵᠡᠬᠦ ᠦᠭᠡᠢ ᠳᠣᠷᠣᠮᠵᠢᠯᠠᠵᠤ ᠰᠠᠯᠵᠤ ᠨᠡᠭᠦᠭᠡᠳ ᠳᠥᠷᠪᠡᠳ ᠣᠪᠣᠭᠲᠠᠨ ᠪᠣᠯᠪᠠ᠃
12᠂ ᠲᠡᠭᠦᠨ ᠦ᠌ ᠬᠣᠢᠨ᠎ᠠ ᠨᠢᠭᠡ ᠡᠳᠦᠷ ᠳᠣᠪᠣᠨ ᠮᠡᠷᠭᠡᠨ ᠳᠣᠭᠣᠴᠠᠭ ᠥᠨᠳᠥᠷ ᠳᠡᠭᠡᠷ᠎ᠡ ᠭᠥᠷᠥᠭᠡᠯᠡᠬᠦ ᠪᠡᠷ ᠭᠠᠷᠪᠠᠯ᠂ ᠣᠢ ᠳᠣᠲᠣᠷ᠎ᠠ ᠨᠢᠭᠡᠨ ᠤᠷᠢᠶᠠᠩᠬᠠᠢ ᠬᠥᠮᠦᠨ ᠭᠤᠨᠵᠢᠨ ᠪᠤᠭᠤ ᠠᠯᠠᠭᠠᠳ᠂ ᠬᠠᠪᠢᠷᠭ᠎ᠠ ᠴᠣᠷᠣᠢ ᠶ᠋ᠢ ᠰᠢᠷᠠᠵᠤ ᠪᠠᠢᠬᠤ ᠳ᠋ᠤ᠌ ᠠᠭᠤᠯᠵᠠᠵᠠᠢ᠃
13᠂ 《ᠨᠥᠬᠥᠷ ᠱᠣᠷᠣᠯᠭᠠ ᠳᠠ》 ᠭᠡᠵᠦ ᠳᠣᠪᠣᠨ ᠮᠡᠷᠭᠡᠨ ᠬᠡᠯᠡᠪᠡᠯ᠂ ᠲᠡᠷᠡ ᠬᠥᠮᠦᠨ ᠠᠭᠤᠰᠬᠢ ᠵᠦᠯᠲᠦ ᠪᠠ ᠠᠷᠠᠰᠤ ᠶ᠋ᠢ ᠥᠪᠡᠷ ᠢ᠋ᠶ᠋ᠡᠨ ᠠᠪᠴᠤ᠂ ᠪᠤᠰᠤᠳ ᠢ᠋ ᠨᠢ ᠴᠥᠮ ᠳᠣᠪᠣᠨ ᠮᠡᠷᠭᠡᠨ ᠳ᠋ᠦ᠍ ᠥᠭᠪᠡ᠃
14᠂ ᠳᠣᠪᠣᠨ ᠮᠡᠷᠭᠡᠨ ᠲᠡᠷᠡ ᠪᠤᠭᠤ ᠶ᠋ᠢᠨ ᠮᠢᠬ᠎ᠠ ᠶ᠋ᠢ ᠠᠴᠢᠵᠤ ᠶᠠᠪᠤᠲᠠᠯ᠎ᠠ᠂ ᠵᠠᠮ ᠳ᠋ᠤ᠌ ᠬᠡᠦᠬᠡᠳ ᠢ᠋ᠶ᠋ᠡᠨ ᠬᠥᠲᠥᠯᠦᠭᠰᠡᠨ ᠨᠢᠭᠡ ᠶᠠᠳᠠᠭᠤ ᠬᠥᠮᠦᠨ ᠤᠴᠠᠷᠠᠪᠠ᠃
15᠂ 《ᠴᠢ ᠶᠠᠭᠤᠨ ᠤ᠋ ᠬᠥᠮᠦᠨ ᠪᠣᠢ?》 ᠭᠡᠵᠦ ᠳᠣᠪᠣᠨ ᠮᠡᠷᠭᠡᠨ ᠠᠰᠠᠭᠤᠪᠠᠯ᠂ ᠲᠡᠷᠡ ᠬᠥᠮᠦᠨ ᠥᠭᠦᠯᠡᠷᠦᠨ᠄ 《ᠪᠢ ᠮᠠᠭᠠᠯᠢᠭ ᠪᠠᠶᠠᠭᠣᠳ ᠤ᠋ᠨ ᠬᠥᠮᠦᠨ᠂ ᠡᠳᠦᠭᠡ ᠪᠢ ᠶᠠᠳᠠᠵᠤ ᠶᠠᠪᠤᠨ᠎ᠠ᠂ ᠲᠡᠷᠡ ᠭᠥᠷᠦᠭᠡᠰᠦᠨ ᠦ᠌ ᠮᠢᠬᠠᠨ ᠠ᠋ᠴᠠ ᠨᠠᠳᠠ ᠳ᠋ᠤ᠌ ᠥᠭ᠂ ᠪᠢ ᠡᠨᠡ ᠬᠥᠪᠡᠭᠦᠨ ᠢ᠋ᠶ᠋ᠡᠨ ᠴᠢᠮᠠᠲᠤ ᠥᠭᠭᠦᠶ᠎ᠡ》 ᠭᠡᠪᠡᠯ᠂
16᠂ ᠳᠣᠪᠣᠨ ᠮᠡᠷᠭᠡᠨ ᠵᠥᠪᠰᠢᠶᠡᠷᠡᠵᠦ᠂ ᠪᠤᠭᠤ ᠶ᠋ᠢᠨ ᠥᠷᠥᠭᠡᠰᠦᠨ ᠭᠤᠶ᠎ᠠ ᠶ᠋ᠢ ᠲᠡᠷᠡ ᠬᠥᠮᠦᠨ ᠳ᠋ᠦ᠍ ᠥᠭᠭᠦᠭᠡᠳ ᠬᠥᠪᠡᠭᠦᠨ ᠢ᠋ ᠠᠪᠴᠤ ᠢᠷᠡᠵᠦ ᠭᠡᠷ ᠲᠡᠭᠡᠨ ᠵᠠᠷᠤᠴᠠᠯᠠᠬᠤ ᠪᠣᠯᠪᠠ᠃
17᠂ ᠲᠡᠭᠡᠵᠦ ᠪᠠᠢᠲᠠᠯ᠎ᠠ ᠳᠣᠪᠣᠨ ᠮᠡᠷᠭᠡᠨ ᠦᠭᠡᠢ ᠪᠣᠯᠪᠠ᠃ ᠳᠣᠪᠣᠨ ᠮᠡᠷᠭᠡᠨ ᠢ᠋ ᠦᠭᠡᠢ ᠪᠣᠯᠤᠭᠰᠠᠨ ᠤ᠋ ᠬᠣᠢᠨ᠎ᠠ ᠲᠡᠭᠦᠨ ᠦ᠌ ᠭᠡᠷᠭᠡᠢ ᠠᠯᠤᠨ ᠭᠤᠸ᠎ᠠ ᠪᠡᠯᠪᠡᠰᠦᠨ ᠪᠥᠭᠡᠲᠡᠯ᠎ᠡ᠂ ᠪᠤᠭᠤ ᠬᠠᠲᠠᠭᠢ᠂ ᠪᠤᠬᠠᠲᠤ ᠰᠠᠯᠴᠢ᠂ ᠪᠣᠳᠣᠨᠴᠠᠷ ᠮᠤᠩᠬᠠᠭ ᠭᠡᠳᠡᠭ ᠨᠡᠷ᠎ᠡ ᠲᠡᠢ ᠭᠤᠷᠪᠠᠨ ᠬᠥᠪᠡᠭᠦᠨ ᠢ᠋ ᠲᠥᠷᠥᠭᠦᠯᠪᠡ᠃
18᠂ ᠤᠷᠢᠳᠤ ᠳᠣᠪᠣᠨ ᠮᠡᠷᠭᠡᠨ ᠢ᠋ ᠠᠮᠢᠳᠤ ᠪᠦᠬᠦᠢ ᠴᠠᠭ ᠲᠤ᠌ ᠲᠥᠷᠥᠭᠰᠡᠨ ᠪᠡᠯᠭᠦᠨᠦᠲᠡᠢ᠂ ᠪᠦᠭᠦᠨᠦᠲᠡᠢ ᠬᠣᠶᠠᠷ ᠬᠥᠪᠡᠭᠦᠨ ᠨᠢ᠂ ᠡᠬᠡ ᠠᠯᠤᠨ ᠭᠤᠸ᠎ᠠ ᠠ᠋ᠴᠠ ᠡᠴᠢᠨ᠎ᠡ ᠬᠡᠯᠡᠯᠴᠡᠭᠰᠡᠨ ᠨᠢ᠄ 《ᠪᠢᠳᠡᠨ ᠦ᠌ ᠡᠬᠡ᠂ ᠣᠢᠷ᠎ᠠ ᠲᠥᠷᠥᠯ ᠦ᠋ᠨ ᠡᠷᠡᠭᠲᠡᠢ ᠬᠥᠮᠦᠨ ᠦᠭᠡᠢ ᠪᠠ ᠡᠷ᠎ᠡ ᠦᠭᠡᠢ ᠪᠥᠭᠡᠲᠡᠯ᠎ᠡ ᠡᠨᠡ ᠭᠤᠷᠪᠠᠨ ᠬᠥᠪᠡᠭᠦᠨ ᠢ᠋ ᠲᠥᠷᠥᠭᠦᠯᠪᠡ᠂ ᠭᠡᠷ ᠳᠣᠲᠣᠷ᠎ᠠ ᠭᠠᠭᠴᠠ ᠮᠠᠭᠠᠯᠢᠭ ᠪᠠᠶᠠᠭᠣᠳ ᠣᠪᠣᠭ ᠤ᠋ᠨ ᠵᠠᠷᠤᠴᠠ ᠬᠥᠮᠦᠨ ᠪᠠᠢᠨ᠎ᠠ᠂ ᠡᠨᠡ ᠭᠤᠷᠪᠠᠨ ᠬᠥᠪᠡᠭᠦᠨ ᠲᠡᠭᠦᠨ ᠦ᠌ ᠬᠡᠦᠬᠡᠳ ᠪᠢᠵᠡ》 ᠭᠡᠵᠦ ᠡᠬᠡ ᠡᠴᠡ ᠳᠠᠯᠳᠠ ᠬᠡᠯᠡᠯᠴᠡᠬᠦ ᠶ᠋ᠢ ᠨᠢ ᠠᠯᠤᠨ ᠭᠤᠸ᠎ᠠ ᠮᠡᠳᠡᠭᠡᠳ᠂
19᠂ ᠬᠠᠪᠤᠷ ᠤ᠋ᠨ ᠨᠢᠭᠡᠨ ᠡᠳᠦᠷ ᠬᠣᠨᠢᠨ ᠤ᠋ ᠬᠠᠲᠠᠭᠰᠠᠨ ᠮᠢᠬ᠎ᠠ ᠴᠢᠨᠠᠵᠤ᠂ ᠪᠡᠯᠭᠦᠨᠦᠲᠡᠢ᠂ ᠪᠦᠭᠦᠨᠦᠲᠡᠢ᠂ ᠪᠤᠭᠤ ᠬᠠᠲᠠᠭᠢ᠂ ᠪᠤᠬᠠᠲᠤ ᠰᠠᠯᠴᠢ᠂ ᠪᠣᠳᠣᠨᠴᠠᠷ ᠮᠤᠩᠬᠠᠭ ᠲᠠᠪᠤᠨ ᠬᠥᠪᠡᠭᠦᠨ ᠳ᠋ᠡᠭᠡᠨ ᠢᠳᠡᠭᠦᠯᠦᠭᠡᠳ ᠲᠡᠳᠡᠨ ᠢ᠋ ᠵᠡᠷᠭᠡᠴᠡᠭᠦᠯᠦᠨ ᠰᠠᠭᠤᠯᠭᠠᠵᠤ ᠬᠥᠮᠦᠨ ᠪᠦᠷᠢ ᠳ᠋ᠦ᠍ ᠨᠢᠵᠡᠭᠡᠳ ᠮᠥᠰᠥ (ᠰᠤᠮᠤ ᠪᠤᠶᠤ ᠨᠠᠷᠢᠨ ᠮᠣᠳᠣ) ᠶ᠋ᠢ ᠬᠤᠭᠤᠯ ᠭᠡᠵᠦ ᠥᠭᠪᠡᠯ᠂ ᠠᠮᠠᠷᠬᠠᠨ ᠬᠤᠭᠤᠴᠢᠵᠤ ᠣᠷᠬᠢᠪᠠ᠃ ᠪᠠᠰᠠ ᠲᠠᠪᠤᠨ ᠮᠥᠰᠥ ᠶ᠋ᠢ ᠨᠡᠢᠯᠡᠭᠦᠯᠵᠦ ᠪᠠᠭᠯᠠᠭᠠᠳ ᠬᠤᠭᠤᠯ ᠭᠡᠵᠦ ᠥᠭᠪᠡᠯ ᠲᠠᠪᠤᠭᠤᠯᠠ ᠪᠠᠨ ᠳᠠᠷᠠᠭᠠᠯᠠᠨ ᠤᠷᠤᠯᠳᠤᠵᠤ ᠬᠤᠭᠤᠯᠵᠤ ᠴᠢᠳᠠᠭᠰᠠᠨ ᠦᠭᠡᠢ᠃
20᠂ ᠡᠭᠦᠨ ᠳ᠋ᠦ᠍ ᠠᠯᠤᠨ ᠭᠤᠸ᠎ᠠ ᠡᠬᠡ ᠨᠢ ᠥᠭᠦᠯᠡᠷᠦᠨ᠄ 《ᠪᠡᠯᠭᠦᠨᠦᠲᠡᠢ᠂ ᠪᠦᠭᠦᠨᠦᠲᠡᠢ ᠲᠠ ᠬᠣᠶᠠᠷ ᠨᠠᠮᠢ᠋ᠢ ᠡᠨᠡ ᠭᠤᠷᠪᠠᠨ ᠬᠥᠪᠡᠭᠦᠨ ᠢ᠋ ᠶᠠᠭᠠᠬᠢᠨ ᠲᠥᠷᠥᠭᠦᠯᠪᠡ᠂ ᠬᠡᠨ ᠦ᠌ ᠬᠥᠪᠡᠭᠦᠳ ᠪᠣᠯ ᠭᠡᠵᠦ ᠰᠡᠵᠢᠭᠯᠡᠨ ᠬᠡᠯᠡᠯᠴᠡᠨ᠎ᠡ᠂ ᠰᠡᠵᠢᠭᠯᠡᠬᠦ ᠲᠠᠨᠢ ᠵᠥᠪ᠂
21᠂ ᠭᠡᠪᠡᠴᠦ᠂ ᠲᠠ ᠨᠠᠷ ᠤᠴᠢᠷ ᠢ᠋ ᠮᠡᠳᠡᠬᠦ ᠦᠭᠡᠢ ᠪᠠᠢᠨ᠎ᠠ᠂ ᠰᠥᠨᠢ ᠪᠦᠷᠢ ᠴᠠᠭᠠᠨ ᠰᠢᠷ᠎ᠠ ᠬᠥᠮᠦᠨ᠂ ᠭᠡᠷ ᠦ᠋ᠨ ᠡᠷᠦᠬᠡ ᠲᠣᠲᠣᠭᠣ ᠪᠠᠷ ᠭᠡᠢᠭᠦᠯᠦᠨ ᠣᠷᠣᠵᠤ ᠢᠷᠡᠭᠡᠳ ᠮᠢᠨᠦ ᠬᠡᠪᠡᠯᠢ ᠶ᠋ᠢ ᠢᠯᠪᠢᠬᠦ ᠳ᠋ᠦ᠍ ᠲᠡᠭᠦᠨ ᠦ᠌ ᠭᠡᠷᠡᠯ ᠮᠢᠨᠦ ᠬᠡᠪᠡᠯᠢ ᠳ᠋ᠦ᠍ ᠰᠢᠩᠭᠡᠬᠦ ᠪᠥᠯᠥᠭᠡ᠂ ᠲᠡᠷᠡ ᠬᠥᠮᠦᠨ᠂ ᠭᠠᠷᠬᠤ ᠨᠠᠷᠠ ᠰᠠᠷᠠᠨ ᠤ᠋ ᠬᠢᠯᠢ ᠪᠡᠷ ᠰᠢᠷ᠎ᠠ ᠨᠣᠬᠠᠢ ᠮᠡᠲᠦ ᠰᠢᠷᠪᠢᠯᠵᠡᠭᠰᠡᠭᠡᠷ ᠰᠢᠷᠠᠪᠠᠯᠵᠠᠭᠰᠠᠭᠠᠷ ᠭᠠᠷᠴᠤ ᠣᠳᠤᠨ᠎ᠠ᠃ ᠳᠡᠮᠡᠢ ᠶᠠᠭᠠᠬᠢᠨ ᠥᠭᠦᠯᠡᠨ᠎ᠡ ᠲᠠ᠂ ᠲᠡᠭᠦᠨ ᠡᠴᠡ ᠦᠵᠡᠪᠡᠯ ᠲᠡᠭᠷᠢ ᠶ᠋ᠢᠨ ᠬᠥᠪᠡᠭᠦᠳ ᠪᠢᠵᠡ᠂ ᠬᠠᠷ᠎ᠠ ᠲᠡᠷᠢᠭᠦᠲᠦ ᠬᠥᠮᠦᠨ ᠲᠡᠢ ᠠᠳᠠᠯᠢᠳᠬᠠᠵᠤ ᠶᠠᠭᠠᠬᠢᠨ ᠪᠣᠯᠤᠨ᠎ᠠ᠂ ᠬᠠᠮᠤᠭ ᠤ᠋ᠨ ᠬᠠᠳ ᠪᠣᠯᠬᠤ ᠴᠠᠭ ᠲᠤ᠌ ᠬᠠᠷᠠᠴᠤ ᠬᠥᠮᠦᠨ ᠰᠠᠶᠢ ᠤᠴᠢᠷ ᠢ᠋ ᠮᠡᠳᠡᠨ᠎ᠡ》 ᠭᠡᠳ
22᠂ ᠪᠠᠰᠠ ᠠᠯᠤᠨ ᠭᠤᠸ᠎ᠠ᠂ ᠲᠠᠪᠤᠨ ᠬᠥᠪᠡᠭᠦᠨ ᠢ᠋ᠶ᠋ᠡᠨ ᠰᠤᠷᠭᠠᠵᠤ ᠥᠭᠦᠯᠡᠷᠦᠨ᠄ 《ᠲᠠ ᠲᠠᠪᠤᠨ ᠬᠥᠪᠡᠭᠦᠨ᠂ ᠮᠢᠨᠦ ᠨᠢᠭᠡᠨ ᠬᠡᠪᠡᠯᠢ ᠡᠴᠡ ᠲᠥᠷᠥᠭᠰᠡᠨ ᠪᠢᠰᠢ ᠤᠤ᠂ ᠲᠠ ᠨᠠᠷ ᠭᠠᠭᠴᠠ ᠭᠠᠭᠴᠠᠭᠠᠷ ᠰᠠᠯᠪᠠᠯ ᠨᠢᠵᠡᠭᠡᠳ ᠰᠤᠮᠤ ᠮᠡᠲᠦ ᠬᠥᠮᠦᠨ ᠳ᠋ᠦ᠍ ᠬᠢᠯᠪᠠᠷᠬᠠᠨ ᠳᠡᠢᠯᠦᠭᠳᠡᠨ᠎ᠡ᠂ ᠲᠠ ᠨᠠᠷ ᠡᠪ ᠡᠶ᠎ᠡ ᠪᠡᠨ ᠨᠢᠬᠡᠲᠦᠬᠡᠪᠡᠯ ᠲᠡᠷᠡ ᠪᠠᠭᠯᠠᠭᠰᠠᠨ ᠲᠠᠪᠤᠨ ᠰᠤᠮᠤ ᠮᠡᠲᠦ ᠪᠡᠬᠢ ᠪᠣᠯᠵᠤ᠂ ᠬᠡᠨ ᠳ᠋ᠦ᠍ ᠴᠦ᠍ ᠬᠢᠯᠪᠠᠷᠬᠠᠨ ᠳᠡᠢᠯᠦᠭᠳᠡᠬᠦ ᠦᠭᠡᠢ ᠪᠣᠯᠤᠨ᠎ᠠ》 ᠭᠡᠪᠡ᠃ ᠲᠡᠭᠡᠵᠦ ᠪᠠᠢᠲᠠᠯ᠎ᠠ ᠠᠯᠤᠨ ᠭᠤᠸ᠎ᠠ ᠡᠬᠡ ᠨᠢ ᠦᠭᠡᠢ ᠪᠣᠯᠪᠠ᠃
23᠂ ᠡᠬᠡ ᠠᠯᠤᠨ ᠭᠤᠸ᠎ᠠ ᠶ᠋ᠢ ᠦᠭᠡᠢ ᠪᠣᠯᠤᠭᠰᠠᠨ ᠤ᠋ ᠬᠣᠢᠨ᠎ᠠ ᠠᠬ᠎ᠠ ᠳᠡᠭᠦᠦ ᠲᠠᠪᠤᠭᠤᠯᠠ ᠪᠠᠨ᠂ ᠠᠳᠤᠭᠤ ᠮᠠᠯ ᠢ᠋ᠶ᠋ᠠᠨ ᠬᠤᠪᠢᠶᠠᠬᠤ ᠪᠣᠯᠵᠤ᠂ ᠪᠡᠯᠭᠦᠨᠦᠲᠡᠢ᠂ ᠪᠦᠭᠦᠨᠦᠲᠡᠢ᠂ ᠪᠤᠭᠤ ᠬᠠᠲᠠᠭᠢ᠂ ᠪᠤᠬᠠᠲᠤ ᠰᠠᠯᠴᠢ ᠳᠥᠷᠪᠡᠭᠦᠯᠡ ᠪᠡᠨ ᠶᠠᠭᠤᠮ᠎ᠠ ᠪᠠᠨ ᠬᠤᠪᠢᠶᠠᠵᠤ ᠠᠪᠤᠭᠠᠳ ᠳᠡᠭᠦᠦ ᠪᠣᠳᠣᠨᠴᠠᠷ ᠮᠤᠩᠬᠠᠭ ᠢ᠋ ᠪᠢᠳᠠᠭᠤ ᠭᠡᠵᠦ ᠤᠷᠤᠭ ᠲᠤ᠌ ᠦᠯᠦ ᠲᠣᠭᠠᠴᠠᠵᠤ ᠬᠤᠪᠢ ᠡᠰᠡ ᠥᠭᠪᠡ᠃
24᠂ ᠪᠣᠳᠣᠨᠴᠠᠷ ᠤᠷᠤᠭ ᠲᠤ᠌ ᠦᠯᠦ ᠲᠣᠭᠠᠯᠠᠭᠳᠠᠬᠤ ᠠᠲᠠᠯ᠎ᠠ᠂ ᠡᠨᠳᠡ ᠶᠠᠭᠤ ᠬᠢᠵᠦ ᠰᠠᠭᠤᠨ᠎ᠠ ᠭᠡᠳ ᠭᠣᠣᠯ ᠳᠠᠭᠠᠷᠢᠲᠤ ᠭᠣᠳᠣᠯᠢ ᠰᠡᠭᠦᠯᠲᠦ ᠤᠷᠤᠭ ᠰᠢᠩᠬᠤᠯᠠ ᠮᠣᠷᠢ ᠪᠠᠨ ᠤᠨᠤᠵᠤ 《ᠦᠬᠦᠪᠡᠯ ᠦᠬᠦᠶ᠎ᠡ ᠠᠮᠢᠳᠤᠷᠠᠪᠠᠯ ᠠᠮᠢᠳᠤᠷᠠᠶ᠎ᠠ》 ᠭᠡᠵᠦ ᠤᠨᠤᠨ ᠮᠥᠷᠡᠨ ᠤᠷᠤᠭᠤ ᠵᠣᠷᠢᠵᠤ ᠣᠳᠪᠠ᠃ ᠲᠡᠨᠳᠡ ᠪᠠᠯᠵᠣᠨ ᠠᠷᠠᠯ ᠭᠡᠳᠡᠭ ᠭᠠᠵᠠᠷ ᠬᠦᠷᠴᠦ ᠡᠪᠡᠰᠦᠨ ᠡᠮᠪᠦᠯᠡ ᠭᠡᠷ ᠪᠠᠷᠢᠵᠤ ᠰᠠᠭᠤᠪᠠ᠃
25᠂ ᠲᠡᠭᠡᠵᠦ ᠪᠠᠢᠲᠠᠯ᠎ᠠ᠂ ᠬᠠᠷ᠎ᠠ ᠬᠣᠷᠣ ᠰᠢᠪᠠᠭᠤ ᠶ᠋ᠢ ᠪᠣᠷᠣ ᠬᠠᠷᠴᠠᠭᠠᠢ ᠪᠠᠷᠢᠵᠤ ᠢᠳᠡᠬᠦ ᠶ᠋ᠢ ᠦᠵᠡᠵᠦ᠂ ᠭᠣᠣᠯ ᠳᠠᠭᠠᠷᠢᠲᠤ ᠭᠣᠳᠣᠯᠢ ᠰᠡᠭᠦᠯᠲᠦ ᠤᠷᠤᠭ ᠰᠢᠩᠬᠤᠯᠠ ᠮᠣᠷᠢᠨ ᠤ᠋ ᠬᠢᠯᠭᠠᠰᠤᠨ ᠢ᠋ᠶ᠋ᠠᠷ ᠣᠷᠬ᠎ᠠ ᠬᠢᠵᠦ ᠲᠡᠷᠡ ᠪᠣᠷᠣ ᠬᠠᠷᠴᠠᠭᠠᠢ ᠶ᠋ᠢ ᠪᠠᠷᠢᠵᠤ ᠠᠪᠴᠢᠷᠠᠪᠠ᠃
26᠂ ᠪᠣᠳᠣᠨᠴᠠᠷ᠂ ᠢᠳᠡᠬᠦ ᠶᠠᠭᠤᠮ᠎ᠠ ᠦᠭᠡᠢ ᠲᠤᠯᠠ ᠴᠢᠨᠣ᠎ᠠ ᠶ᠋ᠢᠨ ᠭᠣᠣ ᠳ᠋ᠤ᠌ ᠬᠣᠷᠢᠭᠰᠠᠨ ᠭᠥᠷᠥᠭᠡᠰᠦ ᠶ᠋ᠢ ᠮᠢᠷᠢᠶᠠᠵᠤ ᠬᠠᠷᠪᠤᠨ ᠠᠯᠠᠵᠤ ᠢᠳᠡᠬᠦ ᠪᠤᠶᠤ ᠴᠢᠨᠣ᠎ᠠ ᠶ᠋ᠢᠨ ᠢᠳᠡᠭᠰᠡᠨ ᠰᠡᠭ ᠢ᠋ ᠲᠡᠭᠦᠵᠦ ᠭᠡᠳᠡᠰᠦ ᠪᠡᠨ ᠬᠣᠭᠣᠯᠠᠯᠠᠵᠤ᠂ ᠬᠠᠷᠴᠠᠭᠠᠢ ᠲᠡᠵᠢᠭᠡᠭᠰᠡᠭᠡᠷ ᠲᠡᠷᠡ ᠡᠣᠨ ᠭᠠᠷᠪᠠ᠃
27᠂ ᠬᠠᠪᠤᠷ ᠪᠣᠯᠵᠤ᠂ ᠨᠤᠭᠤᠰᠤ ᠢᠷᠡᠬᠦ ᠴᠠᠭ ᠲᠤ᠌ ᠬᠠᠷᠴᠠᠭᠠᠢ ᠪᠠᠨ ᠰᠣᠢᠵᠤ ᠲᠠᠯᠪᠢᠭᠠᠳ ᠭᠠᠯᠠᠭᠤ ᠨᠤᠭᠤᠰᠤ ᠣᠯᠠᠨ ᠢ᠋ ᠠᠯᠠᠵᠤ᠂ ᠢᠳᠡᠵᠦ ᠦᠯᠦ ᠪᠠᠷᠠᠬᠤ ᠲᠤᠯᠠ᠂ ᠮᠥᠴᠢᠷ ᠪᠦᠷᠢ ᠡᠴᠡ ᠮᠥᠴᠢ ᠭᠤᠶ᠎ᠠ ᠡᠯᠭᠦᠵᠦ ᠬᠣᠵᠤᠤᠯ᠎ᠠ ᠪᠦᠷᠢ ᠡᠴᠡ ᠬᠣᠶᠠᠷ ᠭᠤᠷᠪᠠᠨ ᠰᠢᠪᠠᠭᠤ ᠡᠯᠭᠦᠭᠰᠡᠨ ᠨᠢ ᠢᠯᠵᠠᠷᠠᠬᠤ ᠳ᠋ᠤ᠌ ᠬᠦᠷᠴᠡᠢ᠃
28᠂ ᠪᠢᠲᠡᠭᠦᠦ ᠮᠣᠳᠣᠲᠤ ᠠᠭᠤᠯᠠᠨ ᠬᠢᠷ᠎ᠠ ᠠ᠋ᠴᠠ ᠨᠢᠭᠡᠨ ᠪᠦᠯᠦᠭ ᠢᠷᠭᠡᠨ᠂ ᠲᠦᠩᠬᠡᠯᠢᠭ ᠭᠣᠷᠣᠬᠠᠨ ᠤᠷᠤᠭᠤ ᠨᠡᠭᠦᠵᠦ ᠢᠷᠡᠪᠡ᠃ ᠪᠣᠳᠣᠨᠴᠠᠷ ᠬᠠᠷᠴᠠᠭᠠᠢ ᠲᠠᠯᠪᠢᠨ ᠡᠳᠦᠷ ᠪᠦᠷᠢ ᠲᠡᠷᠡ ᠢᠷᠭᠡᠨ ᠳ᠋ᠦ᠍ ᠣᠴᠢᠵᠤ ᠴᠡᠭᠡ ᠭᠤᠶᠤᠵᠤ ᠤᠤᠭᠤᠭᠠᠳ᠂ ᠰᠥᠨᠢ ᠡᠪᠡᠰᠦᠨ ᠡᠮᠪᠦᠯᠡ ᠭᠡᠷ ᠲᠡᠭᠡᠨ ᠢᠷᠡᠵᠦ ᠬᠣᠨᠣᠬᠤ ᠪᠥᠯᠥᠭᠡ᠃
29᠂ ᠲᠡᠳᠡ ᠢᠷᠭᠡᠨ᠂ ᠪᠣᠳᠣᠨᠴᠠᠷ ᠤ᠋ᠨ ᠬᠠᠷᠴᠠᠭᠠᠢ ᠶ᠋ᠢ ᠭᠤᠶᠤᠪᠠᠯ ᠡᠰᠡ ᠥᠭᠪᠡ᠃ ᠲᠡᠳᠡ ᠢᠷᠭᠡᠨ ᠨᠢ ᠪᠣᠳᠣᠨᠴᠠᠷ ᠢ᠋ ᠬᠡᠨ ᠶᠠᠭᠤᠨ ᠬᠥᠮᠦᠨ ᠪᠣᠢ ᠭᠡᠵᠦ ᠠᠰᠠᠭᠤᠬᠤ ᠦᠭᠡᠢ᠂ ᠪᠣᠳᠣᠨᠴᠠᠷ ᠪᠠᠰᠠ ᠲᠡᠷᠡ ᠢᠷᠭᠡᠨ ᠢ᠋ ᠶᠠᠭᠤᠨ ᠢᠷᠭᠡᠨ ᠭᠡᠵᠦ ᠠᠰᠠᠭᠤᠬᠤ ᠦᠭᠡᠢ ᠶᠠᠪᠤᠨ᠎ᠠ᠃
30᠂ ᠭᠡᠲᠡᠯ᠎ᠡ ᠪᠤᠭᠤ ᠬᠠᠲᠠᠭᠢ ᠠᠬ᠎ᠠ ᠨᠢ ᠪᠣᠳᠣᠨᠴᠠᠷ ᠮᠤᠩᠬᠠᠭ ᠳᠡᠭᠦᠦ ᠪᠡᠨ ᠡᠨᠡ ᠤᠨᠤᠨ ᠮᠥᠷᠡᠨ ᠤᠷᠤᠭᠤ ᠣᠳᠤᠯ᠎ᠠ ᠭᠡᠵᠦ ᠨᠡᠬᠡᠨ ᠢᠷᠡᠵᠦ᠂ ᠲᠦᠩᠬᠡᠯᠢᠭ ᠭᠣᠷᠣᠬᠠᠨ ᠳ᠋ᠤ᠌ ᠨᠤᠲᠤᠭᠯᠠᠬᠤ ᠲᠡᠳᠡ ᠢᠷᠭᠡᠨ ᠳ᠋ᠦ᠍ ᠬᠦᠷᠦᠭᠡᠳ ᠲᠡᠢᠮᠦ ᠮᠣᠷᠢᠲᠠᠢ᠂ ᠲᠡᠢᠮᠦ ᠬᠥᠮᠦᠨ ᠦᠵᠡᠭᠳᠡᠪᠡ ᠤᠤ ᠭᠡᠵᠦ ᠰᠤᠷᠠᠪᠠᠯ᠂
31᠂ ᠲᠡᠳᠡ ᠢᠷᠭᠡᠨ ᠥᠭᠦᠯᠡᠷᠦᠨ᠄ 《ᠡᠳᠦᠷ ᠪᠦᠷᠢ ᠨᠢᠭᠡᠨ ᠬᠥᠮᠦᠨ ᠮᠠᠨ ᠳ᠋ᠤ᠌ ᠢᠷᠡᠵᠦ ᠡᠰᠡᠭ (ᠴᠡᠭᠡ) ᠤᠤᠭᠤᠵᠤ ᠣᠳᠤᠨ᠎ᠠ᠂ ᠲᠡᠷᠡ ᠬᠥᠮᠦᠨ ᠪᠠ ᠲᠡᠭᠦᠨ ᠦ᠌ ᠮᠣᠷᠢ ᠴᠢᠨᠦ ᠰᠤᠷᠠᠳᠠᠭ ᠲᠠᠢ ᠠᠳᠠᠯᠢ ᠪᠠᠢᠨ᠎ᠠ᠂ ᠲᠡᠭᠦᠨ ᠳ᠋ᠦ᠍ ᠨᠢᠭᠡ ᠬᠠᠷᠴᠠᠭᠠᠢ ᠪᠠᠢᠨ᠎ᠠ᠃ ᠲᠡᠷᠡ᠂ ᠰᠥᠨᠢ ᠬᠠᠮᠢᠭ᠎ᠠ ᠬᠣᠨᠣᠳᠠᠭ ᠢ᠋ ᠮᠡᠳᠡᠬᠦ ᠦᠭᠡᠢ᠂ ᠪᠠᠷᠠᠭᠤᠨ ᠬᠣᠢᠨ᠎ᠠ ᠠ᠋ᠴᠠ ᠰᠠᠯᠬᠢ ᠰᠠᠯᠬᠢᠯᠠᠪᠠᠯ ᠲᠡᠭᠦᠨ ᠦ᠌ ᠬᠠᠷᠴᠠᠭᠠᠢ ᠪᠠᠷ ᠪᠠᠷᠢᠭᠤᠯᠤᠭᠰᠠᠨ ᠨᠤᠭᠤᠰᠤ ᠭᠠᠯᠠᠭᠤ ᠶ᠋ᠢᠨ ᠥᠳᠥ ᠰᠣᠳᠣ ᠨᠢ ᠴᠠᠰᠤ ᠮᠡᠲᠦ ᠪᠤᠲᠠᠷᠠᠵᠤ ᠬᠡᠢᠰᠴᠦ ᠢᠷᠡᠨ᠎ᠡ᠂ ᠪᠣᠳᠣᠪᠠᠯ ᠲᠡᠭᠦᠨ ᠦ᠌ ᠭᠡᠷ ᠬᠣᠯᠠ ᠦᠭᠡᠢ ᠪᠢᠵᠡ᠂ ᠣᠳᠣ ᠲᠡᠭᠦᠨ ᠦ᠌ ᠢᠷᠡᠬᠦ ᠴᠠᠭ ᠪᠣᠯᠪᠠ᠂ ᠬᠣᠷᠣᠮᠬᠠᠨ ᠬᠦᠯᠢᠴᠡ》 ᠭᠡᠪᠡ᠃
32᠂ ᠤᠳᠠᠯ ᠦᠭᠡᠢ ᠲᠦᠩᠬᠡᠯᠢᠭ ᠭᠣᠷᠣᠬ᠎ᠠ ᠶ᠋ᠢᠨ ᠥᠭᠡᠳᠡ ᠨᠢᠭᠡᠨ ᠬᠥᠮᠦᠨ ᠠᠢᠰᠤᠢ᠂ ᠬᠦᠷᠴᠦ ᠢᠷᠡᠪᠡᠯ ᠪᠣᠳᠣᠨᠴᠠᠷ ᠮᠥᠨ᠃ ᠪᠤᠭᠤ ᠬᠠᠲᠠᠭᠢ ᠠᠬ᠎ᠠ ᠨᠢ ᠲᠠᠨᠢᠵᠤ ᠠᠪᠤᠭᠠᠳ᠂ ᠤᠨᠤᠨ ᠮᠥᠷᠡᠨ ᠥᠭᠡᠳᠡ ᠳᠠᠭᠠᠭᠤᠯᠤᠨ ᠳᠠᠪᠬᠢᠪᠠ᠃
33᠂ ᠪᠣᠳᠣᠨᠴᠠᠷ᠂ ᠪᠤᠭᠤ ᠬᠠᠲᠠᠭᠢ ᠠᠬ᠎ᠠ ᠶ᠋ᠢᠨ ᠬᠣᠢᠨ᠎ᠠ ᠠ᠋ᠴᠠ ᠳ᠋ᠠᠭᠠᠨ ᠬᠠᠲᠠᠷᠢᠵᠤ ᠥᠭᠦᠯᠡᠷᠦᠨ᠄ 《ᠠᠬ᠎ᠠ ᠠ᠋᠂ ᠠᠬ᠎ᠠ ᠠ᠋! ᠪᠡᠶ᠎ᠡ ᠲᠡᠷᠢᠭᠦᠨ ᠲᠡᠢ᠂ ᠳᠡᠪᠡᠯ ᠵᠠᠬ᠎ᠠ ᠲᠠᠢ ᠨᠢ ᠰᠠᠢᠨ》 ᠭᠡᠪᠡᠯ᠂ ᠠᠬ᠎ᠠ ᠨᠢ ᠲᠡᠷᠡ ᠦᠭᠡ ᠶ᠋ᠢ ᠬᠠᠢ᠌ᠬᠣᠷᠠᠭᠰᠠᠨ ᠦᠭᠡᠢ᠃
34᠂ ᠪᠣᠳᠣᠨᠴᠠᠷ ᠮᠥᠨ ᠦᠭᠡ ᠶ᠋ᠢ ᠬᠣᠶᠠᠳᠤᠭᠠᠷ ᠤᠳᠠᠭ᠎ᠠ ᠥᠭᠦᠯᠡᠪᠡᠯ᠂ ᠠᠬ᠎ᠠ ᠨᠢ ᠬᠠᠷᠢᠭᠤ ᠬᠡᠯᠡᠭᠰᠡᠨ ᠦᠭᠡᠢ᠂ ᠮᠥᠨ ᠦᠭᠡ ᠶ᠋ᠢ ᠭᠤᠷᠪᠠᠳᠤᠭᠠᠷ ᠤᠳᠠᠭ᠎ᠠ ᠬᠡᠯᠡᠬᠦ ᠳ᠋ᠦ᠍ ᠠᠬ᠎ᠠ ᠨᠢ ᠥᠭᠦᠯᠡᠷᠦᠨ᠄ 《ᠴᠢ ᠡᠨᠡ ᠦᠭᠡ ᠶ᠋ᠢ ᠶᠠᠭᠤᠨ ᠳ᠋ᠤ᠌ ᠳᠠᠬᠢᠨ ᠳᠠᠬᠢᠨ ᠥᠭᠦᠯᠡᠨ᠎ᠡ?》
35᠂ ᠪᠣᠳᠣᠨᠴᠠᠷ ᠥᠭᠦᠯᠡᠷᠦᠨ᠄ 《 ᠲᠤᠭᠠᠷ ᠤ᠋ᠨ (ᠰᠠᠶᠢ ᠶ᠋ᠢᠨ) ᠲᠦᠩᠬᠡᠯᠢᠭ ᠭᠤᠷᠤᠬᠠᠨᠠ ᠪᠦᠬᠦᠢ ᠢᠷᠭᠡᠨ ᠳ᠋ᠦ᠍ ᠡᠵᠡᠨ ᠦᠭᠡᠢ ᠂ ᠶᠡᠬᠡ ᠪᠠᠭ᠎ᠠ ᠂ ᠰᠠᠢᠨ ᠮᠠᠭᠤ ᠂ ᠲᠣᠯᠣᠭᠠᠢ ᠰᠢᠭᠢᠷ᠎ᠡ ᠴᠥᠮ ᠨᠢᠭᠡᠨ ᠠᠳᠠᠯᠢ ᠴᠠᠴᠠᠭᠤ ᠪᠠᠢᠨ᠎ᠠ᠃ ᠡᠢᠮᠦ ᠬᠢᠯᠪᠠᠷ ᠢᠷᠭᠡᠨ ᠲᠤᠯᠠ ᠲᠡᠳᠡᠨ ᠢ᠋ ᠪᠢᠳᠡ ᠡᠵᠡᠯᠡᠵᠦ ᠠᠪᠤᠶ᠎ᠠ》
36᠂ ᠠᠬ᠎ᠠ ᠨᠢ ᠥᠭᠦᠯᠡᠷᠦᠨ᠄ 《ᠵᠠ ᠲᠡᠢᠮᠦ ᠪᠣᠯ ᠭᠡᠷ ᠲᠡᠭᠡᠨ ᠬᠦᠷᠴᠦ᠂ ᠠᠬ᠎ᠠ ᠳᠡᠭᠦᠦ ᠨᠠᠷ ᠲᠠᠢ ᠵᠦᠪᠯᠡᠯᠳᠡᠵᠦ᠂ ᠲᠡᠳᠡ ᠢᠷᠭᠡᠨ ᠢ᠋ ᠡᠵᠡᠯᠡᠶ᠎ᠡ》 ᠭᠡᠵᠦ
37᠂ ᠭᠡᠷ ᠲᠡᠭᠡᠨ ᠬᠦᠷᠦᠭᠡᠳ᠂ ᠠᠬ᠎ᠠ ᠳᠡᠭᠦᠦ ᠨᠠᠷ ᠲᠠᠢ ᠬᠡᠯᠡᠯᠴᠡᠵᠦ ᠮᠣᠷᠳᠠᠪᠠ᠃ ᠲᠡᠷᠢᠭᠦᠯᠡᠨ ᠬᠢᠨᠠᠭᠴᠢ ᠳ᠋ᠤ᠌ ᠮᠥᠨ ᠪᠣᠳᠣᠨᠴᠠᠷ ᠢ᠋ ᠶᠠᠪᠤᠭᠤᠯᠪᠠ᠃
38᠂ ᠪᠣᠳᠣᠨᠴᠠᠷ ᠲᠡᠷᠢᠭᠦᠯᠡᠨ ᠶᠠᠪᠤᠵᠤ ᠨᠢᠭᠡᠨ ᠵᠢᠷᠮᠦᠰᠦᠨ ᠡᠮ᠎ᠡ ᠶ᠋ᠢ ᠪᠠᠷᠢᠵᠤ 《ᠴᠢ ᠶᠠᠭᠤᠨ ᠬᠥᠮᠦᠨ ᠪᠣᠢ?》 ᠭᠡᠵᠦ ᠠᠰᠠᠭᠤᠪᠠᠯ᠂ ᠲᠡᠷᠡ ᠡᠮ᠎ᠡ ᠥᠭᠦᠯᠡᠷᠦᠨ᠄ 《ᠪᠢ ᠵᠠᠷᠴᠢᠭᠤᠳ ᠠᠲᠠᠩᠬᠠᠨ ᠤᠷᠢᠶᠠᠩᠬᠠᠢ ᠬᠥᠮᠦᠨ》 ᠭᠡᠪᠡ᠃
39᠂ ᠲᠡᠨᠳᠡ ᠡᠴᠡ ᠠᠬ᠎ᠠ ᠳᠡᠭᠦᠦ ᠲᠠᠪᠤᠭᠤᠯᠠ ᠪᠠᠨ ᠲᠡᠳᠡ ᠢᠷᠭᠡᠨ ᠢ᠋ ᠳᠣᠪᠲᠣᠯᠵᠤ᠂ ᠠᠳᠤᠭᠤ ᠮᠠᠯ ᠢ᠋ ᠠᠪᠴᠤ᠂ ᠬᠥᠮᠦᠨ ᠠᠷᠠᠳ ᠢ᠋ ᠵᠠᠷᠤᠴᠠ ᠪᠣᠯᠭᠠᠪᠠ᠃
40᠂ ᠲᠡᠷᠡ ᠵᠢᠷᠮᠦᠰᠦᠨ ᠡᠮ᠎ᠡ ᠪᠣᠳᠣᠨᠴᠠᠷ ᠲᠤ᠌ ᠢᠷᠡᠵᠦ ᠬᠥᠪᠡᠭᠦᠨ ᠲᠥᠷᠥᠪᠡ᠂ ᠲᠡᠭᠦᠨ ᠢ᠋ ᠬᠠᠷᠢ ᠣᠪᠣᠭ ᠤ᠋ᠨ ᠬᠥᠪᠡᠭᠦᠨ ᠭᠡᠵᠦ ᠵᠠᠵᠢᠷᠠᠳᠠᠢ ᠭᠡᠵᠦ ᠨᠡᠷᠡᠢᠳᠪᠡ᠃ ᠵᠠᠳᠠᠷᠠᠨ ᠤ᠋ ᠡᠪᠦᠭᠡ ᠲᠡᠷᠡ ᠪᠣᠯᠪᠠ᠃ ᠲᠡᠷᠡ ᠵᠠᠵᠢᠷᠠᠳᠠᠢ ᠶ᠋ᠢᠨ ᠬᠥᠪᠡᠭᠦᠨ ᠲᠦᠬᠥᠣᠳᠡᠢ ᠨᠡᠷᠡᠲᠦ ᠪᠥᠯᠥᠭᠡ᠃ ᠲᠦᠬᠥᠣᠳᠡᠢ ᠶ᠋ᠢᠨ ᠬᠥᠪᠡᠭᠦᠨ ᠪᠦᠷᠢ ᠪᠤᠯᠴᠢᠷᠤ᠂ ᠪᠦᠷᠢ ᠪᠤᠯᠴᠢᠷᠤ ᠶ᠋ᠢᠨ ᠬᠥᠪᠡᠭᠦᠨ ᠬᠠᠷ᠎ᠠ ᠬᠠᠲᠠᠭᠠᠨ ᠪᠥᠯᠥᠭᠡ᠃ ᠬᠠᠷ᠎ᠠ ᠬᠠᠲᠠᠭᠠᠨ ᠤ᠋ ᠬᠥᠪᠡᠭᠦᠨ ᠵᠠᠮᠤᠬ᠎ᠠ ᠪᠥᠯᠥᠭᠡ᠃ ᠵᠠᠳᠠᠷᠠᠨ ᠣᠪᠣᠭᠲᠠᠨ ᠲᠡᠳᠡ ᠪᠣᠯᠪᠠ᠃
41᠂ ᠲᠡᠷᠡ ᠡᠮ᠎ᠡ ᠪᠠᠰᠠ ᠪᠣᠳᠣᠨᠴᠠᠷ ᠠ᠋ᠴᠠ ᠨᠢᠭᠡᠨ ᠬᠥᠪᠡᠭᠦᠨ ᠲᠥᠷᠥᠭᠦᠯᠪᠡ᠃ ᠲᠡᠭᠦᠨ ᠢ᠋ ᠪᠠᠷᠢᠵᠤ ᠠᠪᠤᠭᠰᠠᠨ ᠡᠮ᠎ᠡ ᠶ᠋ᠢᠨ ᠬᠥᠪᠡᠭᠦᠨ ᠭᠡᠮᠡᠨ ᠪᠠᠭᠠᠷᠢᠳᠠᠢ ᠭᠡᠮᠡᠨ ᠨᠡᠷᠡᠢᠳᠪᠡ᠃ ᠪᠠᠭᠠᠷᠢᠨ ᠤ᠋ ᠡᠪᠦᠭᠡ ᠲᠡᠷᠡ ᠪᠣᠯᠪᠠ᠃ ᠪᠠᠭᠠᠷᠢᠳᠠᠢ ᠶ᠋ᠢᠨ ᠬᠥᠪᠡᠭᠦᠨ ᠴᠢᠳᠬᠤᠯ ᠪᠥᠬᠡ᠂ ᠴᠢᠳᠬᠤᠯ ᠪᠥᠬᠡ ᠣᠯᠠᠨ ᠡᠮ᠎ᠡ ᠠᠪᠤᠭᠰᠠᠨ ᠲᠤᠯᠠ ᠬᠥᠪᠡᠭᠦᠨ ᠨᠢ ᠮᠠᠨᠠᠨ ᠮᠡᠲᠦ (ᠣᠯᠠᠨ) ᠲᠥᠷᠥᠪᠡ᠃ ᠮᠠᠨᠠᠨ ᠪᠠᠭᠠᠷᠢᠨ ᠣᠪᠣᠭᠲᠠᠨ ᠲᠡᠳᠡ ᠪᠣᠯᠪᠠ᠃
42᠂ ᠪᠡᠯᠭᠦᠨᠦᠲᠡᠢ ᠪᠡᠯᠭᠦᠨᠦᠳ ᠣᠪᠣᠭᠲᠠᠨ ᠪᠣᠯᠪᠠ᠃ ᠪᠦᠭᠦᠨᠦᠲᠡᠢ ᠪᠦᠭᠦᠨᠦᠳ ᠣᠪᠣᠭᠲᠠᠨ ᠪᠣᠯᠪᠠ᠃ ᠪᠤᠭᠤ ᠬᠠᠲᠠᠭᠢ ᠬᠠᠲᠠᠭᠢᠨ ᠣᠪᠣᠭᠲᠠᠨ ᠪᠣᠯᠪᠠ᠃ ᠪᠤᠬᠠᠲᠤ ᠰᠠᠯᠴᠢ ᠰᠠᠯᠵᠢᠭᠣᠳ ᠣᠪᠣᠭᠲᠠᠨ ᠪᠣᠯᠪᠠ᠃ ᠪᠣᠳᠣᠨᠴᠠᠷ ᠪᠣᠷᠵᠢᠭᠢᠨ ᠣᠪᠣᠭᠲᠠᠨ ᠪᠣᠯᠪᠠ᠃
43᠂ ᠪᠣᠳᠣᠨᠴᠠᠷ ᠤ᠋ᠨ ᠠᠪᠠᠯᠢ ᠡᠮ᠎ᠡ ᠡᠴᠡ ᠲᠥᠷᠥᠭᠰᠡᠨ ᠪᠠᠷᠢᠮ ᠰᠢᠬᠢᠷᠠᠳᠣ ᠬᠠᠪᠢᠴᠢ ᠨᠡᠷᠡᠲᠦ ᠪᠥᠯᠥᠭᠡ᠃ ᠲᠡᠷᠡ ᠬᠠᠪᠢᠴᠢ ᠪᠠᠭᠠᠲᠤᠷ ᠤ᠋ᠨ ᠡᠬᠡ ᠶ᠋ᠢᠨ ᠢᠨᠵᠢ ᠳ᠋ᠦ᠍ ᠢᠷᠡᠭᠰᠡᠨ ᠡᠮ᠎ᠡ ᠶ᠋ᠢ ᠪᠣᠳᠣᠨᠴᠠᠷ ᠲᠠᠲᠠᠪᠤᠷᠢ ᠡᠮ᠎ᠡ ᠪᠣᠯᠭᠠᠨ ᠨᠢᠭᠡᠨ ᠬᠥᠪᠡᠭᠦᠨ ᠲᠥᠷᠥᠭᠰᠡᠨ ᠳ᠋ᠦ᠍ ᠵᠠᠬᠥᠷᠡᠳᠡᠢ ᠨᠡᠷ᠎ᠡ ᠥᠭᠪᠡ᠃ ᠪᠣᠳᠣᠨᠴᠠᠷ ᠠᠮᠢᠳᠤ ᠪᠠᠢᠬᠤ ᠴᠠᠭ ᠲᠤ᠌ ᠵᠠᠬᠥᠷᠡᠳᠡᠢ ᠶ᠋ᠢ ᠵᠦᠬᠡᠯ ᠳᠠᠢᠯᠭ᠎ᠠ ᠳ᠋ᠤ᠌ ᠣᠷᠣᠬᠤ ᠡᠷᠬᠡ ᠲᠡᠢ ᠪᠣᠯᠭᠠᠪᠠ᠃
44᠂ ᠪᠣᠳᠣᠨᠴᠠᠷ ᠢ᠋ ᠦᠭᠡᠢ ᠪᠣᠯᠤᠭᠰᠠᠨ ᠤ᠋ ᠬᠣᠢᠨ᠎ᠠ ᠲᠡᠷᠡ ᠵᠠᠬᠥᠷᠡᠳᠡᠢ ᠶ᠋ᠢ ᠢᠮᠠᠭᠲᠠ ᠭᠡᠷ ᠲᠦ᠍ ᠠᠳᠠᠩᠬᠠ ᠤᠷᠢᠶᠠᠩᠬᠠᠢ ᠬᠥᠮᠦᠨ ᠪᠠᠢᠭᠰᠠᠨ ᠲᠤᠯᠠ ᠲᠡᠭᠦᠨ ᠦ᠌ ᠬᠥᠪᠡᠭᠦᠨ ᠭᠡᠵᠦ ᠳᠠᠢᠯᠭ᠎ᠠ ᠠ᠋ᠴᠠ ᠬᠥᠭᠡᠭᠡᠵᠦ ᠭᠠᠷᠭᠠᠪᠠ᠃ ᠲᠡᠷᠡ ᠵᠠᠬᠥᠷᠡᠢ᠌ᠥᠨ ᠦ᠌ ᠡᠪᠦᠭᠡ ᠪᠣᠯᠪᠠ᠃
45᠂ ᠬᠠᠪᠢᠴᠢ ᠪᠠᠭᠠᠲᠤᠷ ᠤ᠋ᠨ ᠬᠥᠪᠡᠭᠦᠨ ᠮᠠᠨᠠᠨ ᠲᠤᠳᠤᠨ ᠪᠥᠯᠥᠭᠡ᠃ ᠮᠠᠨᠠᠨ ᠲᠤᠳᠤᠨ ᠤ᠋ ᠬᠥᠪᠡᠭᠦᠨ ᠬᠠᠴᠢ ᠬᠦᠯᠦᠭ᠂ ᠬᠠᠴᠢᠨ᠂ ᠬᠠᠴᠢᠭᠤ᠂ ᠬᠠᠴᠤᠯᠠ᠂ ᠬᠠᠷᠠᠯᠳᠠᠢ᠂ ᠬᠠᠴᠢᠭᠤᠨ᠂ ᠨᠠᠴᠢᠨ ᠪᠠᠭᠠᠲᠤᠷ ᠳᠣᠯᠣᠭ᠎ᠠ ᠪᠥᠯᠥᠭᠡ᠃
46᠂ ᠬᠠᠴᠢ ᠬᠦᠯᠦᠭ ᠦ᠋ᠨ ᠬᠥᠪᠡᠭᠦᠨ ᠬᠠᠢ᠌ᠳᠣ᠂ ᠨᠣᠮᠣᠯᠣᠨ ᠡᠬᠡ ᠡᠴᠡ ᠲᠥᠷᠥᠭᠰᠡᠨ ᠪᠥᠯᠥᠭᠡ᠃ ᠬᠠᠴᠢᠨ ᠤ᠋ ᠬᠥᠪᠡᠭᠦᠨ ᠨᠣᠶᠠᠭᠢᠳᠠᠢ ᠨᠡᠷ᠎ᠡ ᠲᠡᠢ ᠪᠥᠯᠥᠭᠡ᠃ ᠨᠣᠶᠠᠨ ᠰᠢᠭ᠋ ᠠᠪᠤᠷᠢᠲᠠᠢ ᠲᠤᠯᠠ ᠨᠣᠶᠠᠬᠢᠨ ᠣᠪᠣᠭᠲᠠᠨ ᠪᠣᠯᠪᠠ᠃ ᠬᠠᠴᠢᠭᠤ ᠶ᠋ᠢᠨ ᠬᠥᠪᠡᠭᠦᠨ ᠪᠠᠷᠣᠯᠳᠠᠢ ᠨᠡᠷᠡᠲᠦ ᠪᠥᠯᠥᠭᠡ᠃ ᠶᠡᠬᠡ ᠪᠡᠶ᠎ᠡ ᠲᠡᠢ ᠪᠠ ᠢᠳᠡᠭᠡ ᠪᠠᠷᠠᠬᠤ ᠬᠣᠪᠳᠣᠭ ᠲᠤᠯᠠ ᠪᠠᠷᠤᠯᠠᠰ ᠣᠪᠣᠭᠲᠠᠨ ᠪᠣᠯᠪᠠ᠃ ᠬᠠᠴᠤᠯᠠ ᠶ᠋ᠢᠨ ᠬᠥᠪᠡᠭᠦᠨ ᠪᠠᠰᠠ ᠢᠳᠡᠭᠡ ᠪᠠᠷᠠᠳᠠᠭ ᠬᠣᠪᠳᠣᠭ ᠲᠤᠯᠠ ᠶᠡᠬᠡ ᠪᠠᠷᠤᠯᠠ᠂ ᠥᠴᠦᠬᠡᠨ ᠪᠠᠷᠤᠯᠠ ᠭᠡᠳᠡᠭ ᠬᠣᠴᠢ ᠨᠡᠷ᠎ᠡ ᠲᠡᠢ ᠪᠣᠯᠵᠤ᠂ ᠤᠯᠠᠮ ᠢ᠋ᠶ᠋ᠠᠷ ᠡᠷᠳᠡᠮᠲᠦ ᠪᠠᠷᠤᠯᠠ᠂ ᠲᠦᠲᠦᠬᠡᠨ ᠪᠠᠷᠤᠯᠠ ᠲᠡᠷᠢᠭᠦᠲᠡᠨ ᠪᠠᠷᠤᠯᠠᠰ ᠣᠪᠣᠭᠲᠠᠨ ᠪᠣᠯᠪᠠ᠃ ᠬᠠᠷᠠᠯᠳᠠᠢ ᠶ᠋ᠢᠨ ᠬᠥᠪᠡᠭᠦᠨ ᠪᠤᠳᠠᠭ᠎ᠠ ᠮᠡᠲᠦ ᠡᠬᠢ ᠲᠦᠷᠦᠭᠦᠦ ᠦᠭᠡᠢ ᠬᠤᠳᠬᠤᠯᠳᠤᠬᠤ ᠲᠤᠯᠠ ᠪᠣᠳᠠᠭᠠᠳ ᠣᠪᠣᠭᠲᠠᠨ ᠪᠣᠯᠪᠠ᠃ ᠬᠠᠴᠢᠭᠤᠨ ᠤ᠋ ᠬᠥᠪᠡᠭᠦᠨ ᠠᠳᠠᠷᠬᠢᠳᠠᠢ ᠨᠡᠷᠡᠲᠦ ᠪᠥᠯᠥᠭᠡ᠃ ᠠᠬ᠎ᠠ ᠳᠡᠭᠦᠦ ᠶ᠋ᠢᠨ ᠳᠤᠮᠳᠠ ᠠᠳᠠᠷᠮᠠᠭᠠᠳᠠᠢ (ᠶᠠᠬᠢᠷ ᠬᠡᠷᠦᠬᠦᠯᠴᠢ) ᠲᠤᠯᠠ ᠠᠳᠠᠷᠬᠢᠨ ᠣᠪᠣᠭᠲᠠᠨ ᠪᠣᠯᠪᠠ᠃ ᠨᠠᠴᠢᠨ ᠪᠠᠭᠠᠲᠤᠷ ᠤ᠋ᠨ ᠬᠥᠪᠡᠭᠦᠨ ᠤᠷᠤᠭᠤᠲᠠᠢ᠂ ᠮᠠᠩᠭ᠋ᠣᠳᠠᠢ ᠬᠣᠶᠠᠷ ᠪᠥᠯᠥᠭᠡ᠃ ᠣᠷᠣᠭᠣᠳ᠂ ᠮᠠᠩᠭ᠋ᠣᠳ ᠣᠪᠣᠭᠲᠠᠨ ᠪᠣᠯᠪᠠ᠃ ᠨᠠᠴᠢᠨ ᠪᠠᠭᠠᠲᠤᠷ ᠤ᠋ᠨ ᠠᠪᠠᠯᠢ ᠡᠮ᠎ᠡ ᠡᠴᠡ ᠲᠥᠷᠥᠭᠰᠡᠨ ᠬᠥᠪᠡᠭᠦᠨ ᠰᠢᠵᠣᠭᠣᠳᠠᠢ᠂ ᠳᠣᠭᠣᠯᠲᠠᠢ ᠬᠣᠶᠠᠷ ᠪᠥᠯᠥᠭᠡ᠃
47᠂ ᠬᠠᠢ᠌ᠳᠣ ᠶ᠋ᠢᠨ ᠬᠥᠪᠡᠭᠦᠳ ᠪᠠᠢ᠌ᠰᠢᠩᠬᠣᠷ ᠲᠣᠭᠰᠢᠨ᠂ ᠴᠢᠷᠬᠠᠢ ᠯᠢᠩᠬᠤ᠂ ᠴᠠᠦᠵᠢᠨ ᠣᠷᠳᠠᠭᠠᠢ ᠭᠤᠷᠪᠠ ᠪᠥᠯᠥᠭᠡ᠃ ᠪᠠᠢ᠌ᠰᠢᠩᠬᠣᠷ ᠲᠣᠭᠰᠢᠨ ᠤ᠋ ᠬᠥᠪᠡᠭᠦᠨ ᠲᠤᠮᠪᠢᠨᠠᠢ ᠰᠡᠴᠡᠨ ᠪᠥᠯᠥᠭᠡ᠃ ᠴᠢᠷᠬᠠᠢ ᠯᠢᠩᠬᠤ ᠶ᠋ᠢᠨ ᠬᠥᠪᠡᠭᠦᠨ ᠰᠡᠩᠭᠦᠮ ᠪᠢᠯᠬᠡ᠂ ᠠᠮᠪᠠᠭᠠᠢ ᠲᠠᠨ ᠲᠠᠢᠴᠢᠭᠤᠳ ᠣᠪᠣᠭᠲᠠᠨ ᠪᠣᠯᠪᠠ᠃ ᠴᠢᠷᠬᠠᠢ ᠯᠢᠩᠬᠤ ᠶ᠋ᠢᠨ ᠪᠡᠷᠭᠡᠨ ᠢ᠋ᠶ᠋ᠡᠨ ᠡᠮ᠎ᠡ ᠪᠣᠯᠭᠠᠨ ᠠᠪᠴᠤ ᠨᠢᠭᠡᠨ ᠬᠥᠪᠡᠭᠦᠨ ᠲᠥᠷᠥᠵᠡᠢ᠃ᠨᠡᠷ᠎ᠡ ᠨᠢ ᠪᠡᠰᠦᠲᠡᠢ ᠭᠡᠨ᠎ᠡ᠃ ᠪᠠᠰᠣᠳ ᠣᠪᠣᠭᠲᠠᠨ ᠪᠣᠯᠪᠠ᠃ ᠴᠠᠦᠵᠢᠨ ᠣᠷᠳᠠᠭᠠᠢ ᠵᠢᠷᠭᠤᠭᠠᠨ ᠬᠥᠪᠡᠭᠦᠨ ᠲᠡᠢ᠂ᠨᠡᠷ᠎ᠡ ᠨᠢ᠄ ᠣᠷᠣᠨᠠᠷ᠂ ᠬᠣᠩᠬᠣᠲᠠᠨ᠂ ᠠᠷᠣᠯᠠᠳ᠂ ᠰᠥᠨᠢᠳ᠂ ᠬᠠᠪᠳᠣᠷᠬᠠᠰ᠂ ᠬᠡᠨᠢᠬᠡᠰ ᠭᠡᠳᠡᠭ ᠲᠤᠯᠠ ᠡᠢᠮᠦ ᠣᠪᠣᠭᠲᠠᠨ ᠪᠣᠯᠪᠠ᠃
48᠂ ᠲᠤᠮᠪᠢᠨᠠᠢ ᠰᠡᠴᠡᠨ ᠦ᠌ ᠬᠥᠪᠡᠭᠦᠨ ᠬᠠᠪᠤᠯ ᠬᠠᠭᠠᠨ ᠰᠠᠮ ᠰᠠᠴᠤᠯ᠎ᠠ ᠬᠣᠶᠠᠷ ᠪᠥᠯᠥᠭᠡ᠃ ᠰᠠᠮ ᠰᠠᠴᠤᠯ᠎ᠠ ᠶ᠋ᠢᠨ ᠬᠥᠪᠡᠭᠦᠨ ᠪᠦᠯᠳᠡᠴᠦ ᠪᠠᠭᠠᠲᠤᠷ ᠪᠥᠯᠥᠭᠡ᠃ ᠬᠠᠪᠤᠯ ᠬᠠᠭᠠᠨ ᠳᠣᠯᠣᠭᠠᠨ ᠬᠥᠪᠡᠭᠦᠨ ᠲᠡᠢ᠂ ᠲᠡᠳᠡᠨ ᠦ᠌ ᠨᠡᠷ᠎ᠡ ᠨᠢ ᠣᠬᠢᠨ ᠪᠠᠷᠬᠠᠭ᠂ ᠪᠠᠷᠳᠠᠨ ᠪᠠᠭᠠᠲᠤᠷ᠂ ᠬᠤᠲᠤᠭᠲᠤ ᠮᠦᠩᠬᠥᠷ᠂ ᠬᠣᠲᠠᠯᠠ ᠬᠠᠭᠠᠨ᠂ ᠬᠤᠯᠠᠨ᠂ ᠬᠠᠲᠠᠭᠠᠨ᠂ ᠲᠦᠲᠦᠬᠡᠨ ᠤᠳᠴᠢᠬᠢᠨ ᠭᠡᠨ᠎ᠡ᠃
49᠂ ᠣᠭᠢᠨ ᠪᠠᠷᠬᠠᠭ ᠤ᠋ᠨ ᠬᠥᠪᠡᠭᠦᠨ ᠬᠤᠲᠤᠭᠲᠤ ᠵᠦᠷᠬᠢ ᠪᠥᠯᠥᠭᠡ᠃ ᠬᠤᠲᠤᠭᠲᠤ ᠵᠦᠷᠬᠢ ᠶ᠋ᠢᠨ ᠬᠥᠪᠡᠭᠦᠳ ᠰᠡᠴᠡ ᠪᠡᠬᠢ᠂ ᠲᠠᠢ᠌ᠴᠣ ᠬᠣᠶᠠᠷ ᠪᠥᠯᠥᠭᠡ᠃ ᠲᠡᠳᠡ ᠵᠦᠷᠬᠢ ᠣᠪᠣᠭᠲᠠᠨ ᠪᠣᠯᠪᠠ᠃
50᠂ ᠪᠡᠷᠲᠡᠨ ᠪᠠᠭᠠᠲᠤᠷ ᠤ᠋ᠨ ᠬᠥᠪᠡᠭᠦᠳ ᠮᠡᠩᠭᠡᠲᠦ ᠬᠢᠶᠣᠨ᠂ ᠨᠡᠭᠦᠨ ᠲᠠᠢᠵᠢ᠂ ᠶᠢᠰᠦᠭᠡᠢ ᠪᠠᠭᠠᠲᠤᠷ᠂ ᠲᠠᠷᠢᠳᠠᠢ ᠤᠳᠴᠢᠬᠢᠨ ᠡᠨᠡ ᠳᠥᠷᠪᠡ ᠪᠥᠯᠥᠭᠡ᠃ ᠬᠤᠲᠤᠭᠲᠤ ᠮᠦᠩᠬᠥᠷ ᠦ᠋ᠨ ᠬᠥᠪᠡᠭᠦᠨ ᠪᠦᠷᠢ ᠪᠥᠬᠡ ᠪᠥᠯᠥᠭᠡ᠃ ᠤᠨᠤᠨ ᠮᠥᠷᠡᠨ ᠦ᠌ ᠰᠢᠭᠤᠢ ᠳ᠋ᠤ᠌ ᠬᠤᠷᠢᠮᠯᠠᠬᠤ ᠴᠠᠭ ᠲᠤ᠌ ᠪᠡᠯᠭᠦᠳᠡᠢ ᠶ᠋ᠢᠨ ᠮᠥᠷᠥ ᠶ᠋ᠢ ᠲᠡᠷᠡ ᠲᠠᠰᠤ ᠴᠠᠪᠴᠢᠭᠰᠠᠨ ᠪᠢᠯᠡ᠃
51᠂ ᠬᠣᠲᠠᠯᠠ ᠬᠠᠭᠠᠨ ᠤ᠋ ᠬᠥᠪᠡᠭᠦᠳ ᠵᠥᠴᠢ᠂ ᠬᠢᠷᠮᠠᠭᠣ᠂ ᠠᠯᠲᠠᠨ ᠭᠤᠷᠪᠠ ᠪᠥᠯᠥᠭᠡ᠃ ᠬᠤᠯᠠᠨ ᠪᠠᠭᠠᠲᠤᠷ ᠤ᠋ᠨ ᠬᠥᠪᠡᠭᠦᠨ ᠶᠡᠬᠡ ᠴᠠᠷ᠎ᠠ ᠪᠥᠯᠥᠭᠡ᠃ ᠪᠠᠳᠠᠢ᠂ ᠭᠢᠯᠢᠰᠢᠭ ᠬᠣᠶᠠᠷ ᠳᠠᠷᠬᠠᠳ ᠤ᠋ᠨ ᠨᠣᠶᠠᠳ ᠪᠣᠯᠪᠠ᠃ ᠬᠠᠲᠠᠭᠠᠨ᠂ ᠳᠦᠳᠦᠭᠡᠨ ᠬᠣᠶᠠᠷ ᠦᠷ᠎ᠡ ᠦᠭᠡᠢ ᠥᠩᠭᠡᠷᠡᠵᠡᠢ᠃
52᠂ ᠬᠠᠮᠤᠭ ᠮᠣᠩᠭᠣᠯ ᠢ᠋ ᠬᠠᠪᠤᠯ ᠬᠠᠭᠠᠨ ᠵᠠᠬᠢᠷᠴᠤ ᠪᠠᠢᠪᠠ᠃ ᠬᠠᠪᠤᠯ ᠬᠠᠭᠠᠨ ᠳᠣᠯᠣᠭᠠᠨ ᠬᠥᠪᠡᠭᠦᠨ ᠢ᠋ᠶ᠋ᠡᠨ ᠪᠠᠢᠲᠠᠯ᠎ᠠ᠂ ᠰᠡᠩᠭᠦᠮ ᠪᠢᠯᠬᠡ ᠶ᠋ᠢᠨ ᠬᠥᠪᠡᠭᠦᠨ ᠠᠮᠪᠠᠭᠠᠢ ᠶ᠋ᠢ ᠬᠠᠮᠤᠭ ᠮᠣᠩᠭᠣᠯ ᠤ᠋ᠨ ᠬᠠᠭᠠᠨ ᠪᠣᠯᠭᠠᠬᠤ ᠪᠠᠷ ᠬᠡᠯᠡᠭᠰᠡᠨ ᠠᠵᠠᠢ᠃
53᠂ ᠪᠤᠢᠷ ᠬᠥᠯᠥᠨ ᠬᠣᠶᠠᠷ ᠨᠠᠭᠤᠷ ᠢ᠋ ᠬᠣᠯᠪᠣᠵᠤ ᠤᠷᠤᠰᠬᠤ ᠣᠷᠱᠣᠨ ᠮᠥᠷᠡᠨ ᠳ᠋ᠦ᠍ ᠠᠢ᠌ᠷᠢᠭᠣᠳ᠂ ᠪᠤᠢᠷᠤᠭᠤᠳ ᠣᠪᠣᠭ ᠤ᠋ᠨ ᠲᠠᠲ᠋ᠠᠷ ᠠᠢᠮᠠᠭ ᠨᠤᠲᠤᠭᠯᠠᠨ᠎ᠠ᠃ ᠲᠡᠳᠡᠨ ᠳ᠋ᠦ᠍ ᠠᠮᠪᠠᠭᠠᠢ ᠬᠠᠭᠠᠨ ᠥᠬᠢᠨ ᠢ᠋ᠶ᠋ᠡᠨ ᠥᠭᠴᠦ ᠥᠪᠡᠷ ᠢ᠋ᠶ᠋ᠡᠨ ᠥᠬᠢᠨ ᠢ᠋ ᠬᠦᠷᠭᠡᠵᠦ ᠣᠴᠢᠭᠠᠳ ᠲᠠᠲ᠋ᠠᠷ ᠲᠤ᠌ ᠪᠠᠷᠢᠭᠳᠠᠪᠠ᠃ ᠲᠠᠲ᠋ᠠᠷ ᠠᠮᠪᠠᠭᠠᠢ ᠬᠠᠭᠠᠨ ᠢ᠋ ᠪᠠᠷᠢᠵᠤ᠂ ᠬᠢᠲᠠᠳ ᠤ᠋ᠨ ᠠᠯᠲᠠᠨ ᠬᠠᠭᠠᠨ ᠳ᠋ᠤ᠌ ᠬᠦᠷᠭᠡᠭᠦᠯᠪᠡ᠃ ᠪᠠᠰᠣᠳ ᠣᠪᠣᠭ ᠤ᠋ᠨ ᠪᠠᠯᠬᠠᠴᠢ ᠭᠡᠳᠡᠭ ᠬᠥᠮᠦᠨ ᠢ᠋ ᠡᠯᠴᠢ ᠪᠣᠯᠭᠠᠵᠤ᠂ ᠠᠮᠪᠠᠭᠠᠢ ᠬᠠᠭᠠᠨ ᠤ᠋ ᠬᠡᠯᠡᠭᠰᠡᠨ ᠨᠢ᠄ 《ᠬᠠᠪᠤᠯ ᠬᠠᠭᠠᠨ ᠤ᠋ ᠳᠣᠯᠣᠭᠠᠨ ᠬᠥᠪᠡᠭᠦᠨ ᠦ᠌ ᠳᠤᠮᠳᠠᠬᠢ ᠬᠣᠲᠠᠯᠠ ᠳ᠋ᠤ᠌᠂ ᠮᠢᠨᠦ ᠠᠷᠪᠠᠨ ᠬᠥᠪᠡᠭᠦᠨ ᠦ᠌ ᠳᠤᠮᠳᠠᠬᠢ ᠬᠠᠲᠠᠭᠠᠨ ᠲᠠᠢᠵᠢ ᠳ᠋ᠤ᠌ ᠴᠢ ᠣᠴᠢᠵᠤ ᠬᠡᠯᠡ᠂ ᠬᠠᠮᠤᠭ ᠤ᠋ᠨ ᠬᠠᠭᠠᠨ ᠤᠯᠤᠰ ᠤ᠋ᠨ ᠡᠵᠡᠨ ᠪᠠᠢᠲᠠᠯ᠎ᠠ ᠥᠬᠢᠨ ᠢ᠋ᠶ᠋ᠡᠨ ᠥᠪᠡᠷ ᠢ᠋ᠶ᠋ᠡᠨ ᠦᠳᠡᠵᠦ ᠬᠦᠷᠭᠡᠬᠦ ᠶ᠋ᠢ ᠨᠠᠳᠠ ᠪᠠᠷ ᠴᠡᠭᠡᠷᠯᠡᠯ ᠪᠣᠯᠭᠠᠭᠲᠤᠨ! ᠪᠢ ᠲᠠᠲ᠋ᠠᠷ ᠠᠢᠮᠠᠭ ᠲᠤ᠌ ᠪᠠᠷᠢᠭᠳᠠᠪᠠ᠃ ᠲᠠᠪᠤᠨ ᠬᠤᠷᠤᠭᠤᠨ ᠤ᠋ ᠬᠢᠮᠤᠰᠤ ᠶ᠋ᠢ ᠲᠠᠮᠲᠤᠷᠠᠲᠠᠯ᠎ᠠ᠂ ᠠᠷᠪᠠᠨ ᠬᠤᠷᠤᠭᠤ ᠪᠠᠨ ᠪᠠᠷᠠᠭᠳᠠᠲᠠᠯ᠎ᠠ ᠮᠢᠨᠦ ᠥᠰᠢᠶ᠎ᠡ ᠶ᠋ᠢ ᠠᠪᠬᠤ ᠶ᠋ᠢ ᠤᠷᠤᠯᠳᠤᠭᠲᠤᠨ!》 ᠭᠡᠵᠦ ᠢᠯᠡᠭᠡᠵᠡᠢ᠃
54᠂ ᠲᠡᠷᠡ ᠴᠠᠭ ᠲᠤ᠌ ᠶᠢᠰᠦᠭᠡᠢ ᠪᠠᠭᠠᠲᠤᠷ ᠰᠢᠪᠠᠭᠤ ᠠᠩᠨᠠᠨ ᠶᠠᠪᠤᠬᠤ ᠵᠠᠭᠤᠷ᠎ᠠ ᠣᠯᠬᠣᠨᠣᠳ ᠠᠢᠮᠠᠭ ᠠ᠋ᠴᠠ ᠡᠮ᠎ᠡ ᠠᠪᠤᠭᠠᠳ ᠪᠤᠴᠠᠵᠤ ᠶᠠᠪᠤᠭ᠎ᠠ ᠮᠡᠷᠭᠢᠳ ᠦ᠋ᠨ ᠶᠡᠬᠡ ᠴᠢᠯᠡᠳᠦ ᠭᠡᠳᠡᠭ ᠬᠥᠮᠦᠨ ᠲᠡᠢ ᠠᠭᠤᠯᠵᠠᠪᠠ᠃ ᠲᠡᠭᠦᠨ ᠦ᠌ ᠡᠮ᠎ᠡ ᠶ᠋ᠢ ᠥᠩᠭᠡᠢᠵᠦ ᠦᠵᠡᠪᠡᠯ ᠭᠤᠸ᠎ᠠ ᠦᠵᠡᠰᠬᠦᠯᠡᠩᠲᠡᠢ ᠬᠠᠲᠤᠨ ᠪᠠᠢᠨ᠎ᠠ᠃ ᠶᠢᠰᠦᠭᠡᠢ ᠪᠠᠭᠠᠲᠤᠷ ᠭᠡᠷ ᠲᠡᠭᠡᠨ ᠳᠠᠪᠬᠢᠵᠤ ᠢᠷᠡᠭᠡᠳ᠂ ᠠᠬ᠎ᠠ ᠨᠡᠭᠦᠨ ᠲᠠᠢᠵᠢ᠂ ᠳᠡᠭᠦᠦ ᠲᠠᠷᠢᠳᠠᠢ ᠣᠳᠴᠢᠬᠢᠨ ᠬᠣᠶᠠᠷ ᠢ᠋ ᠳᠠᠭᠠᠭᠤᠯᠤᠨ ᠮᠣᠷᠳᠠᠵᠤ᠂ ᠶᠡᠬᠡ ᠴᠢᠯᠡᠳᠦ ᠶ᠋ᠢ ᠭᠦᠢᠴᠡᠵᠦ ᠣᠴᠢᠪᠠᠯ᠂
55᠂ ᠲᠡᠷᠡ ᠠᠶᠤᠵᠤ᠂ ᠬᠤᠷᠳᠤᠨ ᠤᠬᠠᠭ᠎ᠠ ᠮᠣᠷᠢᠨ ᠤ᠋ ᠭᠤᠶ᠎ᠠ ᠶ᠋ᠢ ᠲᠠᠰᠢᠭᠤᠷᠳᠠᠵᠤ᠂ ᠠᠭᠤᠯᠠ ᠶ᠋ᠢᠨ ᠪᠠᠯ ᠢ᠋ᠶ᠋ᠠᠷ ᠳᠤᠲᠠᠭᠠᠪᠠ᠃ ᠲᠡᠭᠦᠨ ᠢ᠋ ᠭᠤᠷᠪᠠᠭᠤᠯᠠ ᠪᠠᠨ ᠴᠣᠪᠠᠯᠳᠠᠨ ᠬᠥᠭᠡᠭᠡᠪᠡᠯ ᠲᠡᠷᠡ ᠤᠯᠠᠮ ᠳᠤᠲᠠᠭᠠᠭᠰᠠᠭᠠᠷ ᠨᠢᠭᠡᠨ ᠬᠣᠰᠢᠭᠤ ᠶ᠋ᠢ ᠲᠣᠭᠣᠷᠢᠵᠤ ᠡᠷᠭᠢᠵᠦ ᠲᠡᠷᠭᠡᠨ ᠳ᠋ᠡᠭᠡᠨ ᠬᠦᠷᠴᠦ ᠢᠷᠡᠭᠰᠡᠨ ᠳ᠋ᠦ᠍ ᠡᠮ᠎ᠡ ᠥᠭᠡᠯᠦᠨ ᠥᠵᠢᠨ (ᠹᠦᠵᠢᠨ ᠭᠡᠵᠦ ᠬᠢᠲᠠᠳ ᠢ᠋ᠶ᠋ᠠᠷ ᠬᠠᠲᠤᠨ ᠢ᠋ ᠬᠡᠯᠡᠨ᠎ᠡ) ᠥᠭᠦᠯᠡᠷᠦᠨ ᠄ 《ᠲᠡᠷᠡ ᠭᠤᠷᠪᠠᠨ ᠬᠥᠮᠦᠨ ᠦ᠌ ᠤᠴᠢᠷ ᠢ᠋ ᠮᠡᠳᠡᠪᠡ ᠤᠤ ᠴᠢ? ᠲᠡᠳᠡᠨ ᠦ᠌ ᠴᠢᠷᠠᠢ ᠰᠡᠵᠢᠭᠯᠡᠮᠡᠷ ᠪᠠᠢᠨ᠎ᠠ᠂ ᠴᠢᠨᠦ ᠠᠮᠢᠨ ᠳ᠋ᠤ᠌ ᠬᠣᠣᠷ ᠬᠦᠷᠭᠡᠵᠦ ᠪᠣᠯᠤᠨ᠎ᠠ᠂ ᠠᠮᠢᠳᠤ ᠮᠡᠨᠳᠦ ᠦᠯᠡᠳᠡᠪᠡᠯ ᠡᠬᠡᠨᠡᠷ ᠢ᠋ ᠣᠯᠬᠤ ᠳ᠋ᠤ᠌ ᠪᠡᠷᠬᠡ ᠦᠭᠡᠢ᠂ ᠮᠤᠬᠤᠯᠠᠭ ᠳᠣᠳᠣᠮ ᠥᠬᠢᠳ ᠪᠣᠢ᠂ ᠲᠡᠷᠭᠡ ᠳᠣᠳᠣᠮ ᠬᠠᠲᠤᠳ ᠪᠣᠢ᠃ (ᠮᠢᠨᠦ ᠮᠡᠲᠦ ᠡᠬᠡᠨᠡᠷ ᠣᠯᠳᠠᠨ᠎ᠠ) ᠬᠡᠷᠪᠡ ᠨᠠᠮᠢ᠋ᠢ ᠰᠠᠨᠠᠪᠠᠯ ᠳᠠᠬᠢᠨ ᠠᠪᠤᠭᠰᠠᠨ ᠭᠡᠷᠭᠡᠢ ᠶ᠋ᠢ ᠮᠢᠨᠦ ᠨᠡᠷ᠎ᠡ ᠪᠡᠷ ᠨᠡᠷᠡᠯᠡᠭᠲᠦᠨ᠃ ᠣᠳᠣ ᠠᠮᠢᠨ ᠢ᠋ᠶ᠋ᠠᠨ ᠠᠷᠠᠴᠢᠯᠠ᠂ ᠮᠢᠨᠦ ᠦᠨᠦᠷ ᠢ᠋ ᠦᠨᠦᠰᠴᠦ ᠶᠠᠪᠤ》 ᠭᠡᠳ ᠡᠮᠦᠰᠦᠭᠰᠡᠨ ᠴᠠᠮᠴᠠ ᠪᠠᠨ ᠲᠠᠢᠯᠵᠤ ᠥᠭᠪᠡ᠃ ᠶᠡᠬᠡ ᠴᠢᠯᠡᠳᠦ ᠲᠡᠷᠡ ᠴᠠᠮᠴᠠ ᠶ᠋ᠢ ᠮᠣᠷᠢᠨ ᠳᠡᠭᠡᠷ᠎ᠡ ᠡᠴᠡ ᠳᠣᠩᠬᠣᠢᠵᠤ ᠠᠪᠤᠮᠠᠭᠴᠠ ᠬᠠᠷᠠᠪᠠᠯ᠂ ᠨᠥᠭᠦᠭᠡ ᠭᠤᠷᠪᠠ ᠮᠥᠨ ᠬᠣᠰᠢᠭᠤ ᠶ᠋ᠢ ᠲᠣᠭᠣᠷᠢᠵᠤ ᠨᠡᠬᠡᠵᠦ ᠠᠢᠰᠤᠢ᠃ ᠴᠢᠯᠡᠳᠦ ᠬᠤᠷᠳᠤᠨ ᠤᠬᠠᠭ᠎ᠠ ᠮᠣᠷᠢᠨ ᠤ᠋ ᠭᠤᠶ᠎ᠠ ᠶ᠋ᠢ ᠲᠠᠰᠢᠭᠤᠷᠳᠠᠵᠤ ᠶᠠᠭᠠᠷᠠᠨ ᠤᠨᠤᠨ ᠮᠥᠷᠡᠨ ᠥᠭᠡᠳᠡ ᠳᠤᠲᠠᠭᠠᠪᠠ᠃
56᠂ ᠲᠡᠭᠦᠨ ᠢ᠋ ᠭᠤᠷᠪᠠᠭᠤᠯᠠ ᠬᠣᠢᠨ᠎ᠠ ᠠ᠋ᠴᠠ ᠨᠢ ᠨᠡᠬᠡᠵᠦ ᠳᠣᠯᠣᠭᠠᠨ ᠳᠠᠪᠠᠭ᠎ᠠ ᠳᠠᠪᠠᠲᠠᠯ᠎ᠠ ᠬᠥᠭᠡᠭᠡᠵᠦ ᠣᠷᠬᠢᠭᠠᠳ᠂ ᠥᠭᠡᠯᠦᠨ ᠥᠵᠢᠨ ᠢ᠋ ᠠᠪᠴᠤ ᠶᠢᠰᠦᠭᠡᠢ ᠪᠠᠭᠠᠲᠤᠷ ᠵᠢᠯᠣᠭᠣᠳᠤᠨ ᠬᠥᠲᠥᠯᠵᠦ᠂ ᠠᠬ᠎ᠠ ᠨᠡᠭᠦᠨ ᠲᠠᠢᠵᠢ ᠲᠡᠷᠢᠭᠦᠯᠡᠵᠦ᠂ ᠳᠡᠭᠦᠦ ᠲᠠᠷᠢᠳᠠᠢ ᠤᠳᠴᠢᠬᠢᠨ ᠬᠠᠵᠠᠭᠤ ᠳ᠋ᠤ᠌ ᠳᠠᠭᠠᠵᠤ (ᠲᠡᠮᠡᠭᠡ ᠶ᠋ᠢ ᠭᠡᠯᠢᠵᠦ) ᠶᠠᠪᠤᠨ᠎ᠠ᠃ ᠡᠭᠦᠨ ᠳ᠋ᠦ᠍ ᠥᠭᠡᠯᠦᠨ ᠥᠵᠢᠨ ᠥᠭᠦᠯᠡᠷᠦᠨ᠄
《ᠮᠢᠨᠦ ᠡᠷ᠎ᠡ ᠴᠢᠯᠡᠳᠦ
ᠰᠡᠷᠢᠭᠦᠨ ᠰᠠᠯᠬᠢᠨ ᠳ᠋ᠤ᠌
ᠰᠡᠪᠡᠯᠭᠡ ᠦᠰᠦ ᠪᠡᠨ ᠬᠡᠢᠰᠬᠡᠵᠦ
ᠬᠡᠭᠡᠷ᠎ᠡ ᠬᠥᠳᠡᠭᠡ
ᠭᠡᠳᠡᠰᠦ ᠪᠡᠨ ᠥᠯᠦᠰᠬᠡᠵᠦ ᠶᠠᠭᠠᠬᠢᠨ ᠵᠣᠪᠠᠬᠤ ᠪᠣᠯᠪᠠ?
ᠣᠳᠣ ᠪᠢ ᠬᠣᠶᠠᠷ ᠰᠡᠪᠡᠯᠭᠡ ᠦᠰᠦ ᠪᠡᠨ ᠬᠣᠢᠰᠢ ᠣᠷᠣᠭᠰᠢ ᠤᠨᠵᠢᠭᠤᠯᠵᠤ ᠶᠠᠭᠠᠬᠢᠨ ᠣᠳᠤᠨ᠎ᠠ?》ᠭᠡᠳ ᠤᠨᠤᠨ ᠮᠥᠷᠡᠨ ᠢ᠋ ᠳᠣᠯᠭᠢᠰᠲᠠᠯᠠ᠂ ᠣᠢ ᠰᠢᠭᠤᠢ ᠶ᠋ᠢ ᠭᠠᠩᠬᠠᠳᠠᠯᠠ ᠶᠡᠬᠡ ᠳᠠᠭᠤ ᠪᠠᠷ ᠤᠬᠢᠯᠠᠬᠤ ᠳ᠋ᠤ᠌
ᠲᠠᠷᠢᠳᠠᠢ ᠤᠳᠴᠢᠬᠢᠨ ᠬᠠᠵᠠᠭᠤ ᠠ᠋ᠴᠠ ᠥᠭᠦᠯᠡᠷᠦᠨ᠄
《ᠲᠡᠪᠡᠷᠢᠬᠦ ᠬᠠᠢᠷᠠᠲᠤ ᠡᠷ᠎ᠡ ᠴᠢᠨᠢ
ᠲᠡᠷᠲᠡᠭᠡ ᠳᠠᠪᠠᠭ᠎ᠠ ᠶ᠋ᠢ ᠳᠠᠪᠠᠪᠠ᠂
ᠤᠬᠢᠯᠠᠨ ᠰᠠᠨᠠᠬᠤ ᠡᠷ᠎ᠡ ᠴᠢᠨᠢ
ᠤᠰᠤ ᠣᠯᠠᠨ ᠢ᠋ ᠭᠡᠲᠦᠯᠪᠡ᠂
ᠬᠠᠢᠯᠠᠵᠤ ᠣᠬᠢᠯᠠᠪᠠᠴᠤ
ᠬᠠᠷᠠᠵᠤ ᠴᠢᠮᠢ᠋ᠢ ᠦᠵᠡᠬᠦ ᠦᠭᠡᠢ᠂
ᠬᠠᠢᠵᠤ ᠡᠷᠢᠪᠡᠴᠦ
ᠬᠠᠭᠠᠯᠭ᠎ᠠ ᠵᠠᠮ ᠨᠢ ᠣᠯᠳᠠᠬᠤ ᠦᠭᠡᠢ᠂
ᠭᠤᠷᠪᠠᠨ ᠭᠣᠣᠯ ᠭᠡᠲᠦᠯᠭᠡᠪᠡ
ᠭᠤᠷᠪᠠᠨ ᠭᠤᠷᠪᠠ ᠶ᠋ᠢ ᠳᠠᠪᠠᠭᠤᠯᠪᠠ
ᠬᠠᠢᠪᠠᠯ ᠮᠥᠷ ᠦᠭᠡᠢ
ᠬᠠᠷᠠᠪᠠᠯ ᠪᠠᠷ᠎ᠠ ᠦᠭᠡᠢ
ᠬᠠᠢᠯᠠᠪᠠᠯ ᠦᠯᠦ ᠰᠣᠨᠣᠰᠳᠠᠨ᠎ᠠ
ᠳᠤᠭᠤᠢ ᠪᠠᠢ》 ᠭᠡᠵᠦ ᠢᠳᠬᠠᠪᠠ᠃
ᠥᠭᠡᠯᠦᠨ ᠥᠵᠢᠨ ᠢ᠋ ᠶᠢᠰᠦᠭᠡᠢ ᠪᠠᠭᠠᠲᠤᠷ ᠲᠡᠭᠡᠭᠡᠳ ᠭᠡᠷ ᠲᠡᠭᠡᠨ ᠠᠪᠴᠢᠷᠠᠵᠤ ᠭᠡᠷᠭᠡᠢ ᠪᠣᠯᠭᠠᠪᠠ᠃ ᠥᠭᠡᠯᠦᠨ ᠦᠵᠢᠨ ᠢ᠋ ᠶᠢᠰᠦᠭᠡᠢ ᠪᠠᠭᠠᠲᠤᠷ ᠤ᠋ᠨ ᠠᠪᠴᠢᠷᠠᠭᠰᠠᠨ ᠶᠣᠰᠣ ᠡᠢᠮᠦ ᠪᠥᠯᠥᠭᠡ᠃
57᠂ ᠠᠮᠪᠠᠭᠠᠢ ᠬᠠᠭᠠᠨ ᠪᠠᠷᠢᠭᠳᠠᠭᠠᠳ᠂ ᠬᠠᠲᠠᠭᠠᠨ ᠬᠣᠲᠠᠯᠠ ᠬᠣᠶᠠᠷ ᠢ᠋ ᠨᠡᠷ᠎ᠡ ᠵᠢᠭᠠᠭᠰᠠᠨ ᠲᠤᠯᠠ᠂ ᠬᠠᠮᠤᠭ ᠮᠣᠩᠭᠣᠯ᠂ ᠲᠠᠢᠴᠢᠭᠤᠳ ᠨᠠᠷ ᠤᠨᠤᠨ ᠮᠥᠷᠡᠨ ᠦ᠌ ᠬᠣᠷᠬᠣᠨᠠᠭ ᠤ᠋ᠨ ᠬᠥᠨᠳᠡᠢ ᠭᠡᠳᠡᠭ ᠭᠠᠵᠠᠷ ᠴᠤᠭᠯᠠᠷᠠᠵᠤ ᠬᠡᠯᠡᠯᠴᠡᠭᠡᠳ᠂ ᠬᠣᠲᠠᠯᠠ ᠶ᠋ᠢ ᠬᠠᠭᠠᠨ ᠪᠣᠯᠭᠠᠪᠠ᠃ ᠮᠣᠩᠭᠣᠯ ᠤ᠋ᠨ ᠵᠢᠷᠭᠠᠯᠠᠩ ᠨᠢ ᠪᠥᠵᠢᠭ᠂ ᠬᠤᠷᠢᠮ ᠪᠥᠯᠥᠭᠡ᠃ ᠬᠣᠲᠠᠯᠠ ᠶ᠋ᠢ ᠬᠠᠭᠠᠨ ᠡᠷᠭᠦᠮᠵᠢᠯᠡᠭᠡᠳ ᠬᠣᠷᠬᠣᠨᠠᠭ ᠤ᠋ᠨ ᠰᠠᠭᠯᠠᠭᠠᠷ ᠮᠣᠳᠣᠨ ᠤ᠋ ᠳᠣᠣᠷ᠎ᠠ ᠬᠠᠪᠢᠷᠭ᠎ᠠ ᠭᠠᠵᠠᠷ ᠢ᠋ ᠬᠠᠯᠴᠠᠷᠠᠲᠠᠯᠠ᠂ ᠡᠪᠦᠳᠦᠭ ᠭᠠᠵᠠᠷ ᠢ᠋ ᠦᠯᠳᠥᠷᠳᠡᠯᠡ ᠳᠡᠪᠬᠡᠴᠡᠨ ᠪᠥᠵᠢᠭᠯᠡᠵᠦ ᠬᠤᠷᠢᠮᠯᠠᠪᠠ᠃
58᠂ ᠬᠣᠲᠠᠯᠠ ᠬᠠᠭᠠᠨ ᠪᠣᠯᠤᠭᠠᠳ ᠬᠠᠲᠠᠭᠠᠨ ᠲᠠᠢᠵᠢ ᠲᠠᠢ ᠬᠣᠶᠠᠭᠤᠯᠠ ᠪᠠᠨ ᠲᠠᠲ᠋ᠠᠷ ᠢᠷᠭᠡᠨ ᠡᠴᠡ ᠥᠰᠢᠶ᠎ᠡ ᠠᠪᠬᠤ ᠪᠠᠷ ᠮᠣᠷᠳᠠᠪᠠ᠃ ᠲᠠᠲ᠋ᠠᠷ ᠤ᠋ᠨ ᠬᠥᠲᠥᠨ ᠪᠠᠷᠠᠬᠠ᠂ ᠵᠠᠯᠢ ᠪᠤᠬ᠎ᠠ ᠬᠣᠶᠠᠷ ᠲᠠᠢ ᠠᠷᠪᠠᠨ ᠭᠤᠷᠪᠠᠨ ᠤᠳᠠᠭ᠎ᠠ ᠪᠠᠢᠯᠳᠤᠪᠠᠴᠤ ᠠᠮᠪᠠᠭᠠᠢ ᠬᠠᠭᠠᠨ ᠤ᠋ ᠥᠰᠢᠶ᠎ᠡ ᠶ᠋ᠢ ᠰᠠᠢᠲᠤᠷ ᠠᠪᠴᠤ ᠡᠰᠡ ᠴᠢᠳᠠᠪᠠ᠃
59᠂ ᠲᠡᠷᠡ ᠴᠠᠭ ᠲᠤ᠌ ᠶᠢᠰᠦᠭᠡᠢ ᠪᠠᠭᠠᠲᠤᠷ᠂ ᠲᠠᠲ᠋ᠠᠷ ᠤ᠋ᠨ ᠲᠡᠮᠦᠵᠢᠨ ᠦᠭᠡ᠂ ᠬᠣᠷᠢ ᠪᠤᠬ᠎ᠠ ᠵᠡᠷᠭᠡ ᠶ᠋ᠢᠨ ᠲᠠᠲ᠋ᠠᠷ ᠬᠥᠮᠦᠨ ᠢ᠋ ᠪᠠᠷᠢᠵᠤ ᠢᠷᠡᠬᠦ ᠳ᠋ᠦ᠍᠂ ᠵᠢᠷᠮᠦᠰᠦᠨ ᠵᠢᠷᠣᠮᠣᠰᠣᠨ ᠪᠠᠢᠭᠰᠠᠨ ᠥᠭᠡᠯᠦᠨ ᠦᠵᠢᠨ ᠤᠨᠤᠨ ᠤ᠋ ᠳᠡᠯᠢᠭᠦᠨ ᠪᠣᠯᠳᠠᠭ ᠭᠡᠳᠡᠭ ᠭᠠᠵᠠᠷ ᠴᠢᠩᠭᠢᠰ ᠬᠠᠭᠠᠨ ᠢ᠋ ᠲᠥᠷᠥᠭᠦᠯᠵᠡᠢ᠃ ᠴᠢᠩᠭᠢᠰ ᠲᠥᠷᠥᠬᠦ ᠳ᠋ᠡᠭᠡᠨ ᠪᠠᠷᠠᠭᠤᠨ ᠭᠠᠷ ᠲᠤ᠌ ᠪᠠᠨ ᠱᠠᠭ᠎ᠠ ᠶ᠋ᠢᠨ ᠴᠢᠨᠡᠭᠡᠨ ᠨᠥᠵᠢ ᠠᠳᠬᠤᠨ ᠲᠥᠷᠥᠵᠡᠢ᠃ ᠲᠠᠲ᠋ᠠᠷ ᠤ᠋ᠨ ᠲᠡᠮᠦᠵᠢᠨ ᠦᠭᠡ ᠶ᠋ᠢ ᠪᠠᠷᠢᠵᠤ ᠢᠷᠡᠬᠦ ᠴᠠᠭ ᠲᠤ᠌ ᠲᠣᠬᠢᠶᠠᠯᠳᠤᠵᠤ ᠲᠥᠷᠥᠪᠡ ᠭᠡᠵᠦ ᠲᠡᠮᠦᠵᠢᠨ ᠨᠡᠷ᠎ᠡ ᠶ᠋ᠢ ᠥᠭᠴᠡᠢ᠃
60᠂ ᠶᠢᠰᠦᠭᠡᠢ ᠪᠠᠭᠠᠲᠤᠷ ᠤ᠋ᠨ ᠥᠭᠡᠯᠦᠨ ᠦᠵᠢᠨ ᠡᠴᠡ ᠲᠡᠮᠦᠵᠢᠨ᠂ ᠬᠠᠰᠠᠷ᠂ ᠬᠠᠴᠢᠭᠤᠨ᠂ ᠲᠡᠮᠦᠭᠡ ᠳᠥᠷᠪᠡᠨ ᠬᠥᠪᠡᠭᠦᠨ ᠲᠥᠷᠥᠪᠡ᠃ ᠪᠠᠰᠠ ᠳᠡᠮᠡᠥᠯᠠᠨ ᠨᠡᠷ᠎ᠡ ᠲᠡᠢ ᠨᠢᠭᠡᠨ ᠥᠬᠢᠨ ᠲᠥᠷᠥᠪᠡ᠃ (ᠶᠢᠰᠦᠭᠡᠢ ᠪᠠᠭᠠᠲᠤᠷ ᠤ᠋ᠨ ᠨᠥᠭᠦᠭᠡ ᠭᠡᠷᠭᠡᠢ ᠰᠤᠴᠢᠭᠡᠯ ᠡᠬᠡ ᠡᠴᠡ ᠲᠥᠷᠥᠭᠰᠡᠨ ᠪᠡᠭᠲᠡᠷ᠂ ᠪᠡᠯᠭᠦᠳᠡᠢ ᠬᠣᠶᠠᠷ ᠪᠥᠯᠥᠭᠡ᠃) ᠲᠡᠮᠦᠵᠢᠨ ᠢ᠋ ᠶᠢᠰᠦᠨ ᠨᠠᠰᠤᠲᠠᠢ ᠪᠠᠢᠬᠤ ᠳ᠋ᠤ᠌ ᠵᠥᠴᠢ ᠬᠠᠰᠠᠷ ᠳᠣᠯᠣᠭᠠᠨ ᠨᠠᠰᠤᠲᠠᠢ᠃ ᠬᠠᠴᠢᠭᠤᠨ ᠠᠯᠴᠢ ᠲᠠᠪᠤᠨ ᠨᠠᠰᠤᠲᠠᠢ᠃ ᠲᠡᠮᠦᠭᠡ ᠤᠳᠴᠢᠬᠢᠨ (ᠤᠳᠬᠤᠨ ᠨᠢ ᠭᠠᠯ ᠤ᠋ᠨ ᠬᠠᠭᠠᠨ᠂ ᠭᠣᠯᠣᠮᠲᠠ ᠶ᠋ᠢᠨ ᠡᠵᠡᠨ ᠭᠡᠰᠡᠨ ᠦᠭᠡ ᠪᠣᠯᠤᠨ᠎ᠠ) ᠭᠤᠷᠪᠠᠨ ᠨᠠᠰᠤᠲᠠᠢ᠃ ᠲᠡᠮᠦᠯᠡᠨ ᠦᠯᠦᠭᠡᠢ᠌ᠳᠡᠢ ᠪᠠᠢᠭᠰᠠᠨ ᠪᠥᠯᠥᠭᠡ᠃
61᠂ ᠶᠢᠰᠦᠭᠡᠢ ᠪᠠᠭᠠᠲᠤᠷ ᠲᠡᠮᠦᠵᠢᠨ ᠢ᠋ ᠶᠢᠰᠦᠨ ᠨᠠᠰᠤᠲᠠᠢ ᠪᠠᠢᠬᠤ ᠳ᠋ᠤ᠌ ᠥᠭᠡᠯᠦᠨ ᠡᠬᠡ ᠶ᠋ᠢᠨ ᠲᠥᠷᠬᠥᠮ ᠣᠯᠬᠣᠨᠣᠳ ᠢᠷᠭᠡᠨ ᠳ᠋ᠦ᠍ ᠬᠥᠪᠡᠭᠦᠨ ᠦ᠌ ᠨᠠᠭᠠᠴᠤ ᠨᠠᠷ ᠠ᠋ᠴᠠ ᠥᠬᠢᠨ ᠭᠤᠶᠤᠶ᠎ᠠ ᠭᠡᠵᠦ ᠲᠡᠮᠦᠵᠢᠨ ᠢ᠋ ᠠᠪᠤᠭᠠᠳ ᠣᠳᠪᠠ᠃ ᠶᠠᠪᠤᠬᠤ ᠵᠠᠮ ᠳ᠋ᠤ᠌ ᠴᠡᠭᠴᠡᠷ ᠴᠢᠬᠤᠷᠭᠤ ᠭᠡᠳᠡᠭ ᠭᠠᠵᠠᠷ ᠤ᠋ᠨ ᠬᠣᠭᠣᠷᠣᠨᠳᠣ ᠬᠣᠩᠭᠢᠷᠠᠳ ᠤ᠋ᠨ ᠳ᠋ᠠᠢ ᠰᠡᠴᠡᠨ ᠲᠡᠢ ᠠᠭᠤᠯᠵᠠᠪᠠ᠃
62᠂ ᠳ᠋ᠠᠢ ᠰᠡᠴᠡᠨ ᠥᠭᠦᠯᠡᠷᠦᠨ᠄ 《ᠶᠢᠰᠦᠭᠡᠢ ᠬᠣᠲᠠ ᠠᠯᠢ ᠬᠦᠷᠬᠦ ᠪᠡᠷ ᠶᠠᠪᠤᠨ᠎ᠠ?》 ᠶᠢᠰᠦᠭᠡᠢ ᠪᠠᠭᠠᠲᠤᠷ ᠥᠭᠦᠯᠡᠷᠦᠨ᠄ 《ᠮᠢᠨᠦ ᠬᠥᠪᠡᠭᠦᠨ ᠦ᠌ ᠨᠠᠭᠠᠴᠤ ᠣᠯᠬᠣᠨᠣᠳ ᠢᠷᠭᠡᠨ ᠡᠴᠡ ᠥᠬᠢᠨ ᠭᠤᠶᠤᠬᠤ ᠪᠠᠷ ᠶᠠᠪᠤᠵᠤ ᠪᠠᠢᠨ᠎ᠠ᠃》 ᠭᠡᠲᠡᠯ᠎ᠡ᠂ ᠳ᠋ᠠᠢ ᠰᠡᠴᠡᠨ ᠥᠭᠦᠯᠡᠷᠦᠨ᠄ 《ᠡᠨᠡ ᠬᠥᠪᠡᠭᠦᠨ ᠴᠢᠨᠢ ᠨᠢᠳᠦᠨ ᠳ᠋ᠡᠭᠡᠨ ᠭᠠᠯ ᠲᠠᠢ᠂ ᠨᠢᠭᠤᠷ ᠲᠠᠭᠠᠨ ᠭᠡᠷᠡᠯᠲᠡᠢ ᠬᠥᠪᠡᠭᠦᠨ ᠪᠠᠢᠨ᠎ᠠ᠂
63᠂ ᠶᠢᠰᠦᠭᠡᠢ ᠬᠣᠲᠠ᠂ ᠪᠢ ᠡᠨᠡ ᠰᠥᠨᠢ ᠨᠢᠭᠡᠨ ᠵᠡᠭᠦᠳᠦ ᠵᠡᠭᠦᠳᠦᠯᠡᠪᠡ᠂ ᠴᠠᠭᠠᠨ ᠱᠣᠩᠬᠣᠷ ᠰᠢᠪᠠᠭᠤ ᠨᠠᠷᠠ ᠰᠠᠷ᠎ᠠ ᠬᠣᠶᠠᠷ ᠢ᠋ ᠠᠳᠬᠤᠨ ᠨᠢᠰᠴᠦ ᠢᠷᠡᠭᠡᠳ ᠮᠢᠨᠦ ᠭᠠᠷ ᠳᠡᠭᠡᠷ᠎ᠡ ᠪᠠᠭᠤᠪᠠ ᠭᠡᠵᠦ ᠵᠡᠭᠦᠳᠦᠯᠡᠪᠡ᠃ ᠨᠠᠷᠠ ᠰᠠᠷ᠎ᠠ ᠶ᠋ᠢ ᠪᠢᠳᠡ ᠨᠢᠳᠦ ᠪᠡᠷ ᠦᠵᠡᠳᠡᠭ ᠪᠢᠯᠡ᠂ ᠭᠡᠲᠡᠯ᠎ᠡ ᠨᠠᠷᠠ ᠰᠠᠷ᠎ᠠ ᠶ᠋ᠢ ᠱᠣᠩᠬᠣᠷ ᠰᠢᠪᠠᠭᠤ ᠠᠳᠬᠤᠵᠤ᠂ ᠮᠢᠨᠦ ᠭᠠᠷ ᠳᠡᠭᠡᠷ᠎ᠡ ᠪᠠᠭᠤᠬᠤ ᠨᠢ ᠭᠠᠢᠬᠠᠯᠲᠠᠢ᠃ ᠶᠠᠮᠠᠷ ᠰᠠᠢᠨ ᠲᠣᠬᠢᠶᠠᠯ ᠤᠴᠠᠷᠠᠬᠤ ᠪᠣᠯᠪᠠ ᠭᠡᠵᠦ ᠪᠢ ᠪᠤᠰᠤᠳ ᠲᠤ᠌ ᠬᠡᠯᠡᠭᠰᠡᠨ ᠪᠥᠯᠥᠭᠡ᠂ ᠶᠢᠰᠦᠭᠡᠢ ᠬᠣᠲᠠ ᠴᠢ ᠬᠥᠪᠡᠭᠦᠨ ᠳᠠᠭᠠᠭᠤᠯᠵᠤ ᠢᠷᠡᠭᠰᠡᠨ ᠨᠢ ᠳᠠᠷᠤᠢ ᠮᠢᠨᠦ ᠵᠡᠭᠦᠳᠦᠨ ᠦ᠌ ᠲᠠᠢᠯᠪᠤᠷᠢ ᠪᠣᠯᠪᠠ᠃ ᠶᠠᠭᠤᠨ ᠵᠡᠭᠦᠳᠦ ᠪᠠᠢᠬᠤ ᠪᠣᠢ! ᠲᠠᠨ ᠤ᠋ ᠬᠢᠶᠠᠳ ᠠᠢᠮᠠᠭ ᠤ᠋ᠨ ᠰᠦᠯᠳᠡ ᠢᠷᠡᠵᠦ᠂ ᠵᠡᠭᠦᠳᠦ ᠪᠡᠷ ᠳᠣᠬᠢᠭᠤᠯᠤᠭᠰᠠᠨ ᠠᠵᠠᠢ᠃
64᠂ ᠮᠠᠨ ᠤ᠋ ᠬᠣᠩᠭᠢᠷᠠᠳ ᠬᠡᠳᠦᠢᠨ ᠡᠴᠡ ᠪᠤᠰᠤᠳ ᠤ᠋ᠨ ᠨᠤᠲᠤᠭ ᠪᠠ ᠬᠥᠮᠦᠨ ᠢ᠋ ᠪᠤᠯᠢᠶᠠᠨ ᠲᠡᠮᠡᠴᠡᠯᠳᠦᠳᠡᠭ ᠦᠭᠡᠢ᠂
ᠬᠠᠷᠢ ᠤᠯᠤᠰ ᠢ᠋ ᠦᠯᠦ ᠳᠣᠪᠲᠣᠯᠤᠨ
ᠬᠠᠴᠠᠷ ᠰᠠᠢᠲᠤ ᠥᠬᠢᠳ ᠢ᠋ᠶ᠋ᠡᠨ
ᠬᠠᠰᠠᠭ ᠲᠡᠷᠭᠡᠨ ᠳ᠋ᠦ᠍ ᠰᠠᠭᠤᠯᠭᠠᠵᠤ
ᠬᠠᠷ᠎ᠠ ᠪᠤᠤᠷ᠎ᠠ ᠬᠥᠯᠯᠡᠵᠦ
ᠬᠠᠲᠠᠷᠢᠭᠤᠯᠵᠤ ᠣᠳᠴᠤ
ᠬᠠᠭᠠᠨ ᠪᠣᠯᠤᠭᠰᠠᠨ ᠲᠠ ᠨᠠᠷ ᠤ᠋ᠨ
ᠬᠠᠲᠤᠨ ᠰᠠᠭᠤᠷᠢᠨ ᠳ᠋ᠤ᠌ ᠳᠡᠪᠰᠢᠭᠦᠯᠵᠦ
ᠬᠠᠮᠲᠤ ᠰᠠᠭᠤᠯᠭᠠᠨ᠎ᠠ᠂
ᠥᠭᠡᠷ᠎ᠡ ᠢᠷᠭᠡᠨ ᠢ᠋ ᠦᠯᠦ ᠲᠡᠮᠡᠴᠡᠨ
ᠥᠩᠭᠡ ᠰᠠᠢᠲᠤ ᠥᠬᠢᠳ ᠢ᠋ᠶ᠋ᠡᠨ
ᠦᠯᠵᠢᠭᠳᠡᠢ (ᠰᠠᠭᠤᠳᠠᠯ ᠲᠠᠢ) ᠲᠡᠷᠭᠡᠨ ᠳ᠋ᠦ᠍ ᠰᠠᠭᠤᠯᠭᠠᠵᠤ
ᠦᠯᠦ ᠪᠤᠤᠷ᠎ᠠ ᠬᠥᠯᠯᠡᠵᠦ
ᠡᠭᠦᠰᠬᠡᠵᠦ ᠣᠳᠴᠤ
ᠥᠨᠳᠥᠷ ᠰᠠᠭᠤᠷᠢ ᠡᠵᠡᠯᠡᠭᠴᠢᠳ ᠦ᠋ᠨ
ᠥᠷᠥᠭᠡᠯ ᠬᠠᠨᠢ ᠪᠣᠯᠭᠠᠨ᠎ᠠ᠃
ᠮᠠᠨ ᠤ᠋ ᠬᠣᠩᠭᠢᠷᠠᠳ ᠬᠡᠳᠦᠢᠨ ᠡᠴᠡ ᠬᠠᠴᠠᠷ ᠭᠤᠸ᠎ᠠ ᠬᠠᠲᠤᠳ ᠲᠠᠢ᠂ ᠥᠩᠭᠡ ᠰᠠᠢᠨ ᠥᠬᠢᠳ ᠲᠡᠢ ᠲᠤᠯᠠ᠂ ᠵᠢᠭᠡ ᠶ᠋ᠢᠨ ᠵᠢᠰᠦ ᠪᠡᠷ᠂ ᠥᠬᠢᠳ ᠦ᠋ᠨ ᠥᠩᠭᠡ ᠪᠡᠷ ᠶᠠᠪᠤᠨ᠎ᠠ᠃
65᠂ ᠨᠤᠭᠤᠨ ᠬᠡᠦᠬᠡᠳ ᠨᠤᠲᠤᠭ ᠢ᠋ᠶ᠋ᠠᠨ ᠡᠵᠡᠮᠰᠢᠨ᠎ᠡ᠂ ᠥᠬᠢᠨ ᠬᠡᠦᠬᠡᠳ ᠥᠩᠭᠡ ᠰᠢᠯᠢᠭᠳᠡᠨᠡ᠂ ᠶᠢᠰᠦᠭᠡᠢ ᠬᠣᠲᠠ᠂ ᠮᠢᠨᠦ ᠭᠡᠷ ᠲᠦ᠍ ᠣᠴᠢ᠂ ᠨᠠᠳᠠᠳᠤ ᠥᠴᠦᠬᠡᠨ ᠥᠬᠢᠨ ᠪᠠᠢᠨ᠎ᠠ᠂ ᠲᠠ ᠦᠵᠡ》 ᠭᠡᠵᠦ ᠳ᠋ᠠᠢ ᠰᠡᠴᠡᠨ ᠬᠡᠯᠡᠭᠡᠳ ᠶᠢᠰᠦᠭᠡᠢ ᠶ᠋ᠢ ᠭᠡᠷ ᠲᠡᠭᠡᠨ ᠳᠠᠭᠠᠭᠤᠯᠵᠤ ᠠᠪᠠᠴᠢᠪᠠ᠃
66᠂ ᠶᠢᠰᠦᠭᠡᠢ ᠬᠣᠲᠠ ᠥᠬᠢᠨ ᠢ᠋ ᠦᠵᠡᠪᠡᠯ᠂ ᠨᠢᠭᠤᠷ ᠲᠠᠭᠠᠨ ᠭᠡᠷᠡᠯᠲᠡᠢ᠂ ᠨᠢᠳᠦᠨ ᠳ᠋ᠡᠭᠡᠨ ᠭᠠᠯ ᠲᠠᠢ ᠥᠬᠢᠨ ᠲᠤᠯᠠ᠂ ᠰᠠᠨᠠᠭᠠᠨ ᠳ᠋ᠤ᠌ ᠨᠡᠢᠯᠡᠪᠡ᠃ ᠲᠡᠭᠦᠨ ᠦ᠌ ᠨᠡᠷ᠎ᠡ ᠪᠥᠷᠲᠡ ᠭᠡᠨ᠎ᠡ᠃ ᠲᠡᠮᠦᠵᠢᠨ ᠡᠴᠡ ᠨᠢᠭᠡᠨ ᠨᠠᠰᠤ ᠠᠬ᠎ᠠ᠂ ᠠᠷᠪᠠᠲᠠᠢ ᠠᠵᠢ᠃ ᠳ᠋ᠠᠢ ᠰᠡᠴᠡᠨ ᠦ᠌ ᠭᠡᠷ ᠲᠦ᠍ ᠬᠣᠨᠣᠭᠠᠳ ᠮᠠᠷᠭᠠᠰᠢ ᠨᠢ ᠥᠬᠢᠨ ᠢ᠋ ᠭᠤᠶᠤᠪᠠᠯ᠂ ᠳ᠋ᠠᠢ ᠰᠡᠴᠡᠨ ᠥᠭᠦᠯᠡᠷᠦᠨ᠄ 《ᠣᠯᠠᠨ ᠤᠳᠠᠭ᠎ᠠ ᠭᠣᠶᠣᠯᠭᠠᠵᠣ ᠥᠭᠪᠡᠯ ᠡᠷᠬᠢᠮᠯᠡᠭᠳᠡᠬᠦ᠂ ᠴᠥᠭᠡᠨ ᠤᠳᠠᠭ᠎ᠠ ᠭᠣᠶᠣᠯᠭᠠᠵᠣ ᠥᠭᠪᠡᠯ ᠳᠣᠷᠣᠮᠵᠢᠯᠠᠭᠳᠠᠬᠤ ᠭᠡᠳᠡᠭ ᠪᠣᠯᠪᠠᠴᠤ᠂ ᠥᠬᠢᠨ ᠬᠥᠮᠦᠨ ᠦ᠌ ᠵᠠᠶᠠᠭ᠎ᠠ᠂ ᠲᠥᠷᠥᠭᠰᠡᠨ ᠡᠭᠦᠳᠦᠨ ᠳ᠋ᠦ᠍ ᠥᠲᠡᠯᠬᠦ ᠦᠭᠡᠢ ᠲᠤᠯᠠ ᠥᠬᠢᠨ ᠢ᠋ᠶ᠋ᠡᠨ ᠥᠭᠭᠦᠶ᠎ᠡ᠂ ᠴᠢ ᠬᠥᠪᠡᠭᠦᠨ ᠢ᠋ᠶ᠋ᠡᠨ ᠬᠦᠷᠭᠡᠨ ᠪᠣᠯᠭᠠᠵᠤ ᠮᠠᠨ ᠤ᠋ ᠭᠡᠷ ᠲᠦ᠍ ᠦᠯᠡᠳᠡᠭᠡ》 ᠭᠡᠪᠡᠯ᠂ ᠶᠢᠰᠦᠭᠡᠢ ᠪᠠᠭᠠᠲᠤᠷ ᠥᠭᠦᠯᠡᠷᠦᠨ᠄ 《ᠪᠢ ᠬᠥᠪᠡᠭᠦᠨ ᠢ᠋ᠶ᠋ᠡᠨ ᠤᠷᠭᠢᠶ᠎ᠠ᠂ ᠮᠢᠨᠦ ᠬᠥᠪᠡᠭᠦᠨ ᠨᠣᠬᠠᠢ ᠠ᠋ᠴᠠ ᠴᠣᠴᠢᠮᠠᠲᠠᠭᠠᠢ ᠪᠢᠯᠡ᠂ ᠡᠷᠬᠢᠮ ᠬᠣᠲᠠ ᠴᠢ ᠮᠢᠨᠦ ᠬᠥᠪᠡᠭᠦᠨ ᠢ᠋ ᠨᠣᠬᠠᠢ ᠠ᠋ᠴᠠ ᠪᠤᠤ ᠴᠣᠴᠢᠭᠤᠯ》 ᠭᠡᠳ ᠬᠥᠲᠥᠯᠵᠦ ᠶᠠᠪᠤᠭᠰᠠᠨ ᠮᠣᠷᠢ ᠪᠠᠷ ᠪᠡᠯᠡᠭ ᠥᠭᠴᠦ᠂ ᠲᠡᠮᠦᠵᠢᠨ ᠢ᠋ ᠣᠷᠬᠢᠭᠠᠳ ᠶᠢᠰᠦᠭᠡᠢ ᠪᠠᠭᠠᠲᠤᠷ ᠪᠤᠴᠠᠪᠠ᠃
67᠂ ᠶᠢᠰᠦᠭᠡᠢ ᠪᠠᠭᠠᠲᠤᠷ ᠴᠡᠭᠴᠡᠷ ᠦ᠋ᠨ ᠰᠢᠷ᠎ᠠ ᠲᠠᠯ᠎ᠠ ᠳ᠋ᠤ᠌ ᠶᠠᠪᠤᠵᠤ ᠪᠠᠢᠲᠠᠯ᠎ᠠ᠂ ᠲᠠᠲ᠋ᠠᠷ ᠢᠷᠭᠡᠨ ᠬᠤᠷᠢᠮᠯᠠᠵᠤ ᠪᠠᠢᠬᠤ ᠲᠠᠢ ᠲᠣᠬᠢᠶᠠᠯᠳᠤᠭᠠᠳ᠂ ᠠᠮᠠ ᠴᠠᠩᠭ᠋ᠠᠬᠣ ᠲᠤᠯᠠ ᠬᠤᠷᠢᠮ ᠳ᠋ᠤ᠌ ᠪᠠᠭᠤᠪᠠ᠃ ᠲᠠᠲ᠋ᠠᠷ ᠨᠠᠷ ᠶᠢᠰᠦᠭᠡᠢ ᠶ᠋ᠢ ᠲᠠᠨᠢᠵᠤ᠂ 《ᠡᠷᠬᠢᠮ ᠶᠢᠰᠦᠭᠡᠢ ᠢᠷᠡᠪᠡ》 ᠭᠡᠵᠦ ᠬᠤᠷᠢᠮ ᠳ᠋ᠤ᠌ ᠰᠠᠭᠤᠯᠭᠠᠭᠠᠳ᠂ ᠤᠷᠢᠳᠤ ᠶ᠋ᠢᠨ ᠪᠤᠯᠢᠶᠠᠭᠳᠠᠭᠰᠠᠨ ᠥᠰᠢᠶ᠎ᠡ ᠶ᠋ᠢ ᠰᠠᠨᠠᠵᠤ᠂ ᠨᠢᠭᠤᠴᠠ ᠪᠠᠷ ᠬᠡᠯᠡᠯᠴᠡᠨ᠂ ᠬᠣᠭᠣᠯᠠᠨ ᠳ᠋ᠤᠨᠢ ᠬᠣᠣᠷ ᠬᠣᠯᠢᠵᠤ ᠥᠭᠴᠡᠢ᠃ ᠶᠢᠰᠦᠭᠡᠢ ᠲᠡᠨᠳᠡ ᠡᠴᠡ ᠮᠣᠷᠳᠠᠵᠤ ᠶᠠᠪᠤᠬᠤ ᠵᠠᠮ ᠳ᠋ᠤ᠌ ᠪᠡᠶ᠎ᠡ ᠮᠠᠭᠤᠵᠢᠷᠠᠵᠤ᠂ ᠭᠤᠷᠪᠠᠨ ᠬᠣᠨᠣᠭ ᠠᠷᠠᠢ ᠭᠡᠵᠦ ᠶᠠᠪᠤᠭᠠᠳ ᠭᠡᠷ ᠲᠦ᠍ ᠬᠦᠷᠴᠦ᠂
68᠂ ᠶᠢᠰᠦᠭᠡᠢ ᠥᠭᠦᠯᠡᠷᠦᠨ᠄ 《ᠮᠢᠨᠦ ᠳᠣᠲᠣᠷ᠎ᠠ ᠮᠠᠭᠤ ᠪᠠᠢᠨ᠎ᠠ᠂ ᠳᠡᠷᠭᠡᠳᠡ ᠮᠢᠨᠢ ᠬᠡᠨ ᠪᠠᠢᠨ᠎ᠠ?》 ᠭᠡᠵᠦ ᠠᠰᠠᠭᠤᠪᠠᠯ᠂ ᠬᠣᠩᠬᠣᠲᠠᠨ ᠤ᠋ ᠴᠢᠷᠬ᠎ᠠ ᠡᠪᠦᠭᠡᠨ ᠦ᠌ ᠬᠥᠪᠡᠭᠦᠨ ᠮᠦᠩᠯᠢᠭ (ᠮᠡᠩᠯᠢᠭ᠌ ᠪᠤᠶᠤ ᠮᠦᠩᠯᠢᠭ) ᠣᠢᠷ᠎ᠠ ᠪᠠᠢᠨ᠎ᠠ ᠭᠡᠪᠡᠯ᠂ ᠲᠡᠭᠦᠨ ᠢ᠋ ᠳᠠᠭᠤᠳᠠᠵᠤ ᠥᠭᠦᠯᠡᠷᠦᠨ᠄ 《ᠬᠦᠦ ᠮᠢᠨᠢ ᠮᠦᠩᠯᠢᠭ ᠴᠢ ᠰᠣᠨᠣᠰ᠂ ᠬᠥᠪᠡᠭᠦᠨ ᠮᠢᠨᠢ ᠪᠠᠯᠴᠢᠷ ᠪᠢᠯᠡ᠂ ᠲᠡᠮᠦᠵᠢᠨ ᠬᠥᠪᠡᠭᠦᠨ ᠢ᠋ ᠤᠷᠤᠭ ᠲᠤ᠌ ᠣᠷᠬᠢᠭᠠᠳ ᠢᠷᠡᠬᠦ ᠵᠠᠮ ᠤ᠋ᠨ ᠵᠠᠭᠤᠷ᠎ᠠ ᠲᠠᠲ᠋ᠠᠷ ᠲᠤ᠌ ᠬᠣᠣᠷᠯᠠᠭᠳᠠᠪᠠ᠂ ᠳᠣᠲᠣᠷ ᠮᠢᠨᠢ ᠮᠠᠭᠤ ᠪᠠᠢᠨ᠎ᠠ᠂ ᠥᠨᠥᠴᠢᠨ ᠬᠣᠴᠣᠷᠤᠭᠰᠠᠨ ᠳᠡᠭᠦᠦ ᠨᠠᠷ ᠢ᠋ᠶ᠋ᠠᠨ᠂ ᠪᠡᠯᠪᠡᠰᠦᠨ ᠪᠡᠷᠭᠡᠨ ᠢ᠋ᠶ᠋ᠡᠨ ᠠᠰᠠᠷᠠᠬᠤ ᠶ᠋ᠢ ᠴᠢ ᠮᠡᠳᠡ᠂ ᠲᠡᠮᠦᠵᠢᠨ ᠬᠥᠪᠡᠭᠦᠨ ᠢ᠋ ᠳᠠᠷᠤᠢ ᠶᠠᠪᠤᠵᠤ ᠠᠪᠴᠢᠷᠠ! ᠬᠠᠢᠷᠠᠲᠤ ᠮᠦᠩᠯᠢᠭ ᠮᠢᠨᠢ!》 ᠭᠡᠳ ᠨᠠᠰᠤᠨ ᠠ᠋ᠴᠠ ᠨᠥᠭᠴᠢᠪᠡ᠃
ᠲᠠᠢᠯᠪᠤᠷᠢ᠄
ᠹᠢᠯᠢᠮ (ᠬᠥᠳᠡᠯᠭᠡᠭᠡᠨᠲᠡᠢ ᠵᠢᠷᠤᠭ )ᠳᠡᠭᠡᠷ᠎ᠡ ᠪᠢᠴᠢᠵᠦ ᠪᠠᠢᠭ᠎ᠠ 《ᠮᠣᠩᠭᠣᠯ ᠣᠨ ᠨᠢᠭᠤᠴᠠ ᠲᠣᠪᠴᠢᠠᠨ》ᠪᠤᠷᠤᠭᠤ ᠲᠠᠢ᠂ᠵᠥᠪ ᠨᠢ 《ᠮᠣᠩᠭᠣᠯ ᠤ᠋ᠨ ᠨᠢᠭᠤᠴᠠ ᠲᠣᠪᠴᠢᠶᠠᠨ》

