ᠪᠤᠷᠬᠠᠨ ᠰᠡᠳᠬᠢᠯᠲᠦ ᠡᠵᠢ -ᠲᠩᠷᠢBurkhan setgelt eej-TengerБурхан сэтгэлт ээж-Тэнгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠰᠡᠳᠬᠢᠯᠲᠦ ᠡᠵᠢ -ᠲᠩᠷᠢBurkhan setgelt eej-TengerБурхан сэтгэлт ээж-Тэнгэр

ᠪᠤᠷᠬᠠᠨ ᠰᠡᠳᠬᠢᠯᠲᠦ ᠡᠵᠢ -ᠲᠩᠷᠢBurkhan setgelt eej-TengerБурхан сэтгэлт ээж-Тэнгэр

ᠠᠩᠭᠢᠯᠠᠯ:ᠳᠠᠭᠤᠤ ᠬᠥᠭᠵᠢᠮ
2025-11-21

1094

ᠪᠤᠷᠬᠠᠨ ᠰᠡᠳᠬᠢᠯᠲᠦ ᠡᠵᠢ


      ᠦᠭᠡ᠄ ᠦ᠊ · ᠨᠠᠴᠢᠨ 
      ᠠᠶ᠎ᠠ᠄ ᠰᠡᠴᠡᠨᠴᠣᠭᠲᠤ  
      ᠳᠠᠭᠤᠴᠢᠨ᠄ ᠲᠩᠷᠢ 

ᠨᠠᠮᠠᠭᠠᠨ ᠳ᠋ᠤ᠌ ᠪᠠᠨ ᠳᠡᠢᠯᠦᠭᠳᠡᠭᠰᠡᠨ ᠪᠤᠭᠤᠷᠤᠯ ᠬᠠᠢᠯᠠᠰᠤ ᠰᠢᠭ᠋ 
ᠪᠥᠷᠲᠥᠢᠬᠦ ᠪᠠᠷ᠎ᠠ ᠨᠢ ᠦᠭᠡᠢᠯᠡᠭᠳᠡᠭᠡᠳ ᠪᠠᠢᠬᠤ ᠶᠤᠮ ᠠ᠋ 
ᠨᠠᠮᠤᠷ ᠤ᠋ᠨ ᠨᠠᠮᠤᠷ ᠲᠤ᠌ ᠪᠠᠨ ᠭᠠᠩᠳᠠᠭᠰᠠᠨ ᠳᠡᠪᠡᠯ ᠨᠢ 
ᠪᠥᠭᠴᠥᠭᠡᠷ ᠨᠢᠷᠤᠭᠤᠨ ᠳ᠋ᠤ᠌ ᠪᠠᠨ ᠡᠯᠡᠭᠳᠡᠭᠡᠳ ᠪᠠᠢᠨ᠎ᠠ᠃
ᠵᠢᠷᠭᠠᠯ ᠤ᠋ᠨ ᠲᠣᠷᠭᠠᠨ ᠳᠡᠭᠡᠷ᠎ᠡ ᠲᠣᠭᠯᠠᠭᠤᠯᠤᠭ᠎ᠠ ᠦᠭᠡᠢ ᠴᠤ᠌ 
ᠠᠷᠭᠠᠯ ᠤ᠋ᠨ ᠭᠠᠯ ᠢ᠋ᠶ᠋ᠠᠷ ᠢ᠋ᠶ᠋ᠠᠨ ᠨᠠᠮ᠎ᠠ ᠶ᠋ᠢ ᠪᠡᠨ ᠳᠤᠯᠠᠭᠠᠯᠠᠭᠰᠠᠨ 

ᠪᠤᠷᠬᠠᠨ ᠰᠡᠳᠬᠢᠯᠲᠦ ᠡᠵᠢ ᠮᠢᠨᠢ
ᠪᠤᠶᠠᠨ ᠢ᠋ᠶ᠋ᠠᠨ ᠡᠳ᠋ᠯᠡᠬᠦ ᠪᠣᠯᠤᠭᠠᠰᠠᠢ᠂
ᠪᠤᠭᠤᠷᠤᠯ ᠬᠣᠷᠸ᠎ᠠ ᠶ᠋ᠢᠨ ᠪᠤᠳᠠᠩ
ᠪᠣᠳᠣᠯ ᠳ᠋ᠤ᠌ ᠨᠢ ᠪᠤᠤ  ᠯᠡ ᠪᠠᠭᠤᠭᠠᠰᠠᠢ

ᠭᠠᠵᠠᠷ ᠤ᠋ᠨ ᠬᠣᠯᠠ ᠠ᠋ᠴᠠ ᠰᠠᠨᠠᠭᠰᠠᠨ ᠤ᠋ ᠬᠢᠨᠢ ᠬᠠᠷᠢᠭᠤ ᠳ᠋ᠤ᠌
ᠭᠠᠷ ᠲᠤ᠌ ᠪᠠᠨ ᠶᠠᠭᠤ ᠲᠠᠢ ᠣᠴᠢᠯ᠎ᠠ ᠪᠢ ᠴᠢᠨᠢ ᠬᠦ
ᠳᠤᠭᠤᠯᠳᠠᠵᠤ ᠲᠤᠰᠤᠩᠬᠠᠨ ᠠᠯᠬᠤᠵᠤ ᠶᠠᠪᠤᠬᠤ ᠳ᠋ᠤ᠌ ᠨᠢ
ᠲᠣᠬᠣᠢ ᠠ᠋ᠴᠠ ᠨᠢ ᠬᠡᠵᠢᠶ᠎ᠡ ᠴᠦ᠍ ᠲᠦᠰᠢᠯ᠎ᠡ ᠳᠡ᠂
ᠵᠢᠷᠭᠠᠯ ᠤ᠋ᠨ ᠲᠣᠷᠭᠠᠨ ᠳᠡᠭᠡᠷ᠎ᠡ ᠲᠣᠭᠯᠠᠭᠤᠯᠤᠭ᠎ᠠ ᠦᠭᠡᠢ ᠴᠦ᠍
ᠠᠷᠭᠠᠯ ᠤ᠋ᠨ ᠭᠠᠯ ᠢ᠋ᠶ᠋ᠠᠷ ᠢ᠋ᠶ᠋ᠠᠨ ᠨᠠᠮ᠎ᠠ ᠶ᠋ᠢ ᠪᠡᠨ ᠳᠤᠯᠠᠭᠠᠯᠠᠭᠰᠠᠨ

ᠪᠤᠷᠬᠠᠨ ᠰᠡᠳᠬᠢᠯᠲᠦ ᠡᠵᠢ ᠯᠡ ᠮᠢᠨᠢ
ᠪᠤᠶᠠᠨ ᠢ᠋ᠶ᠋ᠠᠨ ᠡᠳ᠋ᠯᠡᠬᠦ ᠪᠣᠯᠤᠭᠠᠰᠠᠢ᠂
ᠪᠤᠭᠤᠷᠤᠯ ᠬᠣᠷᠸ᠎ᠠ ᠶ᠋ᠢᠨ ᠪᠤᠳᠠᠩ
ᠪᠣᠳᠣᠯ ᠳ᠋ᠤ᠌ ᠨᠢ ᠪᠤᠤ ᠯᠠ ᠪᠠᠭᠤᠭᠠᠰᠠᠢ
ᠠᠢ᠁
ᠡᠵᠢ ᠮᠢᠨᠢ
ᠠᠢ᠁
ᠡᠵᠢ ᠮᠢᠨᠢ
ᠪᠤᠭᠤᠷᠤᠯ ᠬᠣᠷᠸ᠎ᠠ ᠳ᠋ᠤ᠌
ᠡᠵᠢ᠁ ᠡᠵᠢ
ᠪᠤᠶᠠᠨ ᠢ᠋ᠶ᠋ᠠᠨ ᠡᠳ᠋ᠯᠡᠬᠦ ᠪᠣᠯᠤᠭᠠᠰᠠᠢ
ᠡᠵᠢ ᠮᠢᠨᠢ ᠡᠵᠢ ᠮᠢᠨᠢ
ᠪᠤᠷᠬᠠᠨ ᠰᠡᠳᠬᠢᠯᠲᠦ ᠡᠵᠢ ᠯᠡ ᠮᠢᠨᠢ

  ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ ᠪᠠᠭᠰᠢ᠄ ᠲᠣᠳᠤᠭᠡᠷᠡᠯ