ᠤᠬᠠᠭᠠᠷᠠᠯ ᠤ᠋ᠨ ᠳᠠᠭᠤᠤ-ᠷ᠂ ᠪᠣᠯᠣᠷᠲᠤᠶᠠᠭ᠎ᠠR, Bolortuya_ Uhaarliin duuУхаарлын дуу-Р,Болортуяа
ᠤᠬᠠᠭᠠᠷᠠᠯ ᠤ᠋ᠨ ᠳᠠᠭᠤᠤ
ᠦᠭᠡ᠄ ᠯ· ᠳᠠᠶᠠᠨᠳᠤᠷᠵᠢ
ᠠᠶ᠎ᠠ᠄ ᠯ· ᠴᠦᠯᠳᠦᠮᠰᠥ᠋ᠷᠦᠩ
ᠳᠠᠭᠤᠴᠢᠨ᠄ ᠷ· ᠪᠣᠯᠣᠷᠲᠤᠶᠠᠭ᠎ᠠ
ᠵᠢᠯ ᠳ᠋ᠦ᠍ ᠪᠡᠨ ᠨᠢᠭᠡ ᠯᠡ ᠵᠤᠯᠭᠠᠭ᠎ᠠ ᠦᠭᠡᠢ ᠨᠠᠮ᠎ᠠ ᠶ᠋ᠢ
ᠵᠢᠭᠦᠷᠲᠡᠨ ᠡᠴᠡ ᠬᠦᠷᠲᠡᠯ᠎ᠡ ᠠᠰᠠᠭᠤᠳᠠᠭ ᠭᠡᠪᠡ ᠤᠤ ᠳᠠ
ᠵᠢᠬᠡᠭᠦᠨ ᠰᠥᠨᠢ ᠶ᠋ᠢᠨ ᠵᠡᠭᠦᠳᠦᠨ ᠳ᠋ᠦ᠍ ᠪᠡᠨ ᠠᠭᠤᠯᠵᠠᠭᠠᠳ
ᠵᠢᠩᠳᠡᠭᠦᠦ ᠬᠥᠨᠵᠢᠯᠡ ᠳ᠋ᠦ᠍ ᠪᠡᠨ ᠤᠬᠢᠯᠠᠳᠠᠭ ᠭᠡᠪᠡ ᠤᠤ ᠳᠠ
ᠡᠵᠢ ᠮᠢᠨᠢ ᠲᠠ
ᠬᠣᠵᠢᠭᠤᠬᠠᠨ ᠤᠬᠠᠭᠠᠷᠠᠭᠰᠠᠨ ᠬᠦᠦ ᠪᠡᠨ
ᠬᠣᠶᠠᠷ ᠪᠤᠭᠤᠷᠤᠯ ᠮᠢᠨᠢ ᠥᠷᠥᠰᠢᠶᠡ
ᠬᠣᠶᠠᠷ ᠪᠤᠭᠤᠷᠤᠯ ᠮᠢᠨᠢ ᠥᠷᠥᠰᠢᠶᠡ ᠳᠡ
ᠠᠯᠤᠰᠲᠤ ᠬᠤᠳᠠᠯᠳᠤᠭᠰᠠᠨ ᠴᠦ᠍ ᠤᠨᠠᠭᠠᠨ ᠬᠦᠯᠦᠭ ᠢ᠋ᠶ᠋ᠡᠨ
ᠠᠳᠤᠭᠤᠨ ᠳᠤᠮᠳᠠ ᠪᠠᠨ ᠢᠨᠴᠠᠭᠠᠬᠤ ᠶ᠋ᠢ ᠰᠣᠨᠣᠰᠤᠭᠠᠳ
ᠠᠷᠭᠠᠳᠠᠭᠰᠠᠨ ᠨᠢᠳᠦᠨ ᠦ᠌ ᠪᠡᠨ ᠨᠢᠯᠪᠤᠰᠤ ᠶ᠋ᠢ ᠪᠠᠷᠢᠵᠤ ᠶᠠᠳᠠᠭᠠᠳ
ᠠᠪᠤ ᠮᠢᠨᠢ ᠲᠠ
ᠬᠣᠵᠢᠭᠤᠬᠠᠨ ᠤᠬᠠᠭᠠᠷᠠᠭᠰᠠᠨ ᠬᠦᠦ ᠪᠡᠨ
ᠬᠣᠶᠠᠷ ᠪᠤᠭᠤᠷᠤᠯ ᠮᠢᠨᠢ ᠥᠷᠥᠰᠢᠶᠡ
ᠬᠣᠶᠠᠷ ᠪᠤᠭᠤᠷᠤᠯ ᠮᠢᠨᠢ ᠥᠷᠥᠰᠢᠶᠡ ᠳᠡ
ᠰᠦᠷᠦᠭ ᠨᠢ ᠬᠦᠷᠲᠡᠯ᠎ᠡ ᠢᠵᠢᠯᠢ ᠪᠡᠨ ᠰᠠᠨᠠᠳᠠᠭ ᠢ᠋
ᠰᠦᠨᠡᠰᠦ ᠪᠠᠢᠲᠠᠯ᠎ᠠ ᠪᠠᠨ ᠲᠥᠷᠥᠯ ᠢ᠋ᠶ᠋ᠡᠨ ᠬᠠᠢᠳᠠᠭ ᠢ᠋
ᠨᠤᠲᠤᠭ ᠤ᠋ᠨ ᠪᠤᠭᠤᠷᠤᠯ ᠤ᠋ᠳ ᠠ᠋ᠴᠠ ᠰᠠᠶᠢ ᠯᠠ ᠨᠢᠭᠡ ᠤᠬᠠᠭᠠᠷᠠᠵᠤ
ᠨᠢᠷᠤᠭᠤ ᠪᠥᠬᠥᠢᠨ ᠪᠤᠷᠤᠭᠤ ᠪᠠᠨ ᠬᠡᠯᠡᠯ᠎ᠡ
ᠠᠪᠤ ᠡᠵᠢ ᠮᠢᠨᠢ
ᠬᠣᠵᠢᠭᠤᠬᠠᠨ ᠤᠬᠠᠭᠠᠷᠠᠭᠰᠠᠨ ᠬᠦᠦ ᠪᠡᠨ
ᠬᠣᠶᠠᠷ ᠪᠤᠭᠤᠷᠤᠯ ᠮᠢᠨᠢ ᠥᠷᠥᠰᠢᠶᠡ
ᠬᠣᠶᠠᠷ ᠪᠤᠭᠤᠷᠤᠯ ᠮᠢᠨᠢ ᠥᠷᠥᠰᠢᠶᠡ ᠳᠡ
ᠬᠣᠶᠠᠷ ᠪᠤᠭᠤᠷᠤᠯ ᠮᠢᠨᠢ ᠥᠷᠥᠰᠢᠶᠡ
ᠬᠣᠶᠠᠷ ᠪᠤᠭᠤᠷᠤᠯ ᠮᠢᠨᠢ ᠠᠭᠤᠴᠢᠯᠠ ᠳᠠ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
