ᠮᠥᠩᠭᠥᠨ ᠡᠪᠦᠯ -ᠰᠠᠨᠠMöngön övöl-SanaМөнгөн өвөл-Сана ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠭᠥᠨ ᠡᠪᠦᠯ -ᠰᠠᠨᠠMöngön övöl-SanaМөнгөн өвөл-Сана

ᠮᠥᠩᠭᠥᠨ ᠡᠪᠦᠯ -ᠰᠠᠨᠠMöngön övöl-SanaМөнгөн өвөл-Сана

ᠠᠩᠭᠢᠯᠠᠯ:ᠳᠠᠭᠤᠤ ᠬᠥᠭᠵᠢᠮ
2025-11-20

3473

ᠮᠥᠩᠭᠥᠨ ᠡᠪᠦᠯ

         ᠦᠭᠡ᠄ ᠵᠢᠨᠪᠤᠤ 
         ᠠᠶ᠎ᠠ᠄ ᠡ᠊᠂ ᠤᠶᠠᠩᠭ᠎ᠠ 
         ᠳᠠᠭᠤᠴᠢᠨ᠄ ᠰᠠᠨᠠ 

ᠤᠷᠤᠰᠴᠤ ᠪᠠᠢᠭ᠎ᠠ ᠭᠣᠣᠯ ᠤ᠋ᠳ ᠢ᠋ 
ᠣᠷᠣᠯᠳᠣᠭᠰᠠᠨ ᠶᠠᠩᠵᠤ ᠪᠠᠷ ᠨᠢ ᠴᠠᠷᠴᠠᠭᠠᠭᠰᠠᠨ 
ᠣᠨᠳᠣᠷᠴᠤ ᠪᠠᠢᠭ᠎ᠠ ᠪᠤᠯᠠᠭ ᠤ᠋ᠳ ᠢ᠋
ᠤᠶᠠᠭ᠎ᠠ ᠲᠠᠢ ᠮᠣᠷᠢ ᠰᠢᠭ᠋ ᠬᠥᠯᠳᠡᠭᠡᠭᠰᠡᠨ  
ᠴᠠᠰᠤᠨ ᠡᠪᠦᠯ ᠮᠥᠰᠥᠨ ᠡᠪᠦᠯ 
ᠴᠠᠭ ᠤᠯᠠᠷᠢᠯ ᠤ᠋ᠨ ᠶᠧᠯᠸᠢᠴᠢᠨ ᠡᠪᠦᠯ 

ᠰᠢᠭᠤᠷᠭᠠᠨ ᠳ᠋ᠤ᠌ ᠨᠠᠢᠭᠤᠭᠰᠠᠨ ᠮᠣᠳᠣᠳ ᠢ᠋ 
ᠱᠤᠤᠭᠢᠭᠰᠠᠨ ᠶᠠᠩᠵᠤ ᠪᠠᠷ ᠨᠢ ᠤᠷᠠᠯᠠᠭᠰᠠᠨ
ᠱᠣᠪᠬᠣ ᠥᠨᠳᠥᠷ ᠣᠷᠭᠢᠯ ᠤ᠋ᠳ ᠢ᠋
ᠱᠤᠭᠤᠭᠰᠠᠨ ᠮᠡᠲᠦ ᠮᠥᠩᠭᠥᠯᠡᠭᠰᠡᠨ
ᠴᠠᠰᠤᠨ ᠡᠪᠦᠯ ᠮᠥᠰᠥᠨ ᠡᠪᠦᠯ
ᠴᠠᠭ ᠤᠯᠠᠷᠢᠯ ᠤ᠋ᠨ ᠶᠧᠯᠸᠢᠴᠢᠨ ᠡᠪᠦᠯ

ᠴᠠᠷᠠᠮ ᠤ᠋ᠨ ᠥᠨᠳᠥᠷ ᠠᠭᠤᠯᠠᠰ ᠢ᠋ᠶ᠋ᠠᠨ
ᠴᠠᠰᠤᠨ ᠲᠡᠷᠯᠢᠭ ᠢ᠋ᠶ᠋ᠡᠷ ᠭᠤᠶᠤᠭᠰᠠᠨ
ᠴᠡᠯ ᠪᠤᠭᠤᠷᠤᠯ ᠡᠳᠦᠷ ᠦ᠋ᠳ ᠢ᠋ᠶ᠋ᠡᠨ
ᠴᠠᠭ ᠤ᠋ᠨ ᠤᠲᠠᠰᠤ ᠪᠠᠷ ᠬᠡᠯᠬᠢᠭᠰᠡᠨ

ᠴᠠᠰᠤᠨ ᠡᠪᠦᠯ ᠮᠥᠰᠥᠨ ᠡᠪᠦᠯ
ᠴᠠᠭ ᠤᠯᠠᠷᠢᠯ ᠤ᠋ᠨ ᠶᠧᠯᠸᠢᠴᠢᠨ ᠡᠪᠦᠯ
ᠴᠠᠰᠤᠨ ᠡᠪᠦᠯ ᠮᠥᠰᠥᠨ ᠡᠪᠦᠯ
ᠴᠠᠭ ᠤᠯᠠᠷᠢᠯ ᠤ᠋ᠨ ᠶᠧᠯᠸᠢᠴᠢᠨ ᠡᠪᠦᠯ
ᠴᠠᠭ ᠤᠯᠠᠷᠢᠯ ᠤ᠋ᠨ ᠶᠧᠯᠸᠢᠴᠢᠨ ᠡᠪᠦᠯ
    
       ᠦᠰᠦᠭ ᠠᠮᠢᠯᠠᠭᠤᠯᠤᠭᠴᠢ᠄ ᠠᠯᠲᠠᠨᠴᠢᠮᠡᠭ
       ᠦᠰᠦᠭ ᠬᠠᠲᠠᠭᠴᠢ᠄ ᠠᠯᠲᠠᠨᠴᠢᠮᠡᠭ