ᠥᠭᠡᠰᠢ ᠪᠡᠨ ᠤᠤ ᠳᠠ -ᠳᠠᠷᠢᠭᠠᠩᠭ᠎ᠠ ᠠᠷᠠᠳ ᠤ᠋ᠨ ᠳᠠᠭᠤᠤÖöshgöö yuu daa-Dariganga ardyn duuӨөшгөө юу даа-Дарьганга ардын дуу ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠡᠰᠢ ᠪᠡᠨ ᠤᠤ ᠳᠠ -ᠳᠠᠷᠢᠭᠠᠩᠭ᠎ᠠ ᠠᠷᠠᠳ ᠤ᠋ᠨ ᠳᠠᠭᠤᠤÖöshgöö yuu daa-Dariganga ardyn duuӨөшгөө юу даа-Дарьганга ардын дуу

ᠥᠭᠡᠰᠢ ᠪᠡᠨ ᠤᠤ ᠳᠠ -ᠳᠠᠷᠢᠭᠠᠩᠭ᠎ᠠ ᠠᠷᠠᠳ ᠤ᠋ᠨ ᠳᠠᠭᠤᠤÖöshgöö yuu daa-Dariganga ardyn duuӨөшгөө юу даа-Дарьганга ардын дуу

2025-11-20

1343

ᠥᠭᠡᠰᠢ  ᠪᠡᠨ ᠤᠤ ᠳ᠋ᠠ


        ᠳᠠᠷᠢᠭᠠᠩᠭ᠎ᠠ ᠠᠷᠠᠳ ᠤ᠋ᠨ ᠳᠠᠭᠤᠤ 
        ᠳᠠᠭᠤᠴᠢᠨ᠄ ᠵᠢᠪᠬᠤᠭᠠᠰᠠᠢᠬᠠᠨ᠂ ᠦᠤᠷᠢᠨᠳᠤᠶᠠᠭ᠎ᠠ 

ᠤᠤᠵᠢᠨ ᠤ᠋ ᠬᠢᠨᠢ ᠬᠠᠵᠢᠯᠭ᠎ᠠ ᠤᠭᠠᠯᠵᠠ ᠲᠠᠢ ᠶᠠ ᠬᠦ᠋ 
ᠤᠨᠵᠢᠭᠤᠷᠠᠭ᠎ᠠ ᠪᠠᠯ ᠨᠢ ᠰᠦᠢᠬᠡ ᠲᠡᠢ ᠶᠠ ᠬᠦ᠋ 
ᠵᠢᠷᠤᠮᠠᠯ ᠯᠤᠤᠴᠢᠨ ᠭᠤᠲᠤᠯ ᠲᠠᠢ ᠶᠠ ᠬᠦ᠋ 
ᠵᠢᠷᠤᠭ ᠤ᠋ᠨ ᠬᠤᠸᠠᠷ ᠰᠢᠭ᠋ ᠥᠭᠡᠰᠢ ᠤᠤ ᠳ᠋ᠠ ᠬᠦ᠋ 

ᠱ᠌ᠢᠷᠦᠨ ᠮᠥᠩᠭᠥᠨ ᠬᠠᠪᠴᠢᠶᠠᠷᠢ ᠲᠠᠢ ᠶᠠ ᠬᠦ᠋  
ᠰᠡᠪᠡᠯᠭᠡ ᠰᠤᠪᠤᠳ ᠤ᠋ᠨ ᠳᠠᠷᠤᠭᠤᠯᠭ᠎ᠠ ᠲᠠᠢ ᠶᠠ ᠬᠦ᠋ 
ᠰᠢᠨᠡᠬᠡᠨ ᠭᠡᠷ ᠦ᠋ᠨ ᠭᠠᠯ ᠢ᠋ ᠠᠰᠠᠭᠠᠭᠰᠠᠨ 
ᠰᠡᠷᠭᠦᠯᠡᠩ ᠴᠡᠮᠴᠡᠭᠡᠷ ᠥᠭᠡᠰᠢ ᠤᠤ ᠳ᠋ᠠ ᠬᠦ᠋  
ᠥᠭᠡᠰᠢ ᠤᠤ ᠳ᠋ᠠ ᠬᠦ᠋ ᠁

ᠵᠢᠵᠸᠤ ᠬᠣᠲᠠ ᠳ᠋ᠠᠭᠠᠨ ᠪᠡᠷᠢ ᠪᠣᠯᠵᠠᠢ ᠲᠠ
ᠲᠣᠩᠬᠤᠤ ᠪᠠᠨ ᠪᠠᠷᠢᠭᠠᠳ ᠴᠡᠮᠴᠡᠭᠡᠷ ᠪᠠᠢᠨ᠎ᠠ ᠬᠦ᠋ 
ᠥᠷᠭᠥᠭᠡ ᠭᠡᠷ ᠦ᠋ᠨ ᠭᠠᠯ ᠢ᠋ ᠠᠰᠠᠭᠠᠭᠰᠠᠨ
ᠦ᠋ ᠦᠭᠡᠢ ᠴᠡᠮᠴᠡᠭᠡᠷ ᠥᠭᠡᠰᠢ ᠤᠤ ᠳ᠋ᠠ ᠬᠦ᠋ 

ᠳ᠋ᠦᠩᠰᠢᠭᠤᠷ ᠬᠣᠯᠠ ᠳ᠋ᠠᠭᠠᠨ ᠪᠡᠷᠢ ᠪᠣᠯᠵᠠᠢ ᠲᠠ
ᠲᠣᠩᠬᠤᠤ ᠪᠠᠨ ᠪᠠᠷᠢᠭᠠᠳ ᠴᠡᠮᠴᠡᠭᠡᠷ ᠪᠠᠢᠨ᠎ᠠ ᠬᠦ᠋ 
ᠠᠢᠯ ᠭᠡᠷ ᠦ᠋ᠨ ᠭᠣᠯᠣᠮᠲᠠ ᠶ᠋ᠢ ᠪᠠᠳᠠᠷᠠᠭᠠᠭᠰᠠᠨ
ᠠᠭᠠᠭ ᠲᠤ᠌ ᠨᠢ ᠪᠣᠯᠤᠭᠰᠠᠨ ᠠᠵᠠᠢ ᠤᠤ ᠳ᠋ᠠ ᠬᠦ᠋ 
ᠠᠢᠯ ᠭᠡᠷ ᠦ᠋ᠨ ᠭᠣᠯᠣᠮᠲᠠ ᠶ᠋ᠢ ᠪᠠᠳᠠᠷᠠᠭᠠᠭᠰᠠᠨ
ᠠᠭᠠᠭ ᠲᠤ᠌ ᠨᠢ ᠪᠣᠯᠤᠭᠰᠠᠨ ᠥᠭᠡᠰᠢ ᠤᠤ ᠳ᠋ᠠ ᠬᠦ᠋
ᠦᠭᠡᠰᠢ ᠤᠤ ᠳ᠋ᠠ ᠬᠦ᠋ 

  ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
  ᠬᠢᠨᠠᠭᠴᠢ᠄ ᠭᠦᠩᠭᠠᠷ