ᠣᠨ ᠵᠢᠯ ᠦ᠋ᠳ -ᠲᠦᠮᠡᠨOn jilüüd-TümenОн жилүүд-Түмэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨ ᠵᠢᠯ ᠦ᠋ᠳ -ᠲᠦᠮᠡᠨOn jilüüd-TümenОн жилүүд-Түмэн

ᠣᠨ ᠵᠢᠯ ᠦ᠋ᠳ -ᠲᠦᠮᠡᠨOn jilüüd-TümenОн жилүүд-Түмэн

ᠠᠩᠭᠢᠯᠠᠯ:ᠳᠠᠭᠤᠤ ᠬᠥᠭᠵᠢᠮ
2025-11-20

864

ᠣᠨ ᠵᠢᠯ ᠦ᠋ᠳ

   ᠦᠭᠡ᠄ ᠴᠣᠭᠵᠢᠯᠲᠤ 
   ᠠᠶ᠎ᠠ᠄ ᠲᠥ᠊᠂ ᠤᠯᠠᠭᠠᠨᠪᠠᠭᠠᠲᠤᠷ 
   ᠳᠠᠭᠤᠴᠢᠨ᠄ ᠲᠦᠮᠡᠨ 

ᠠᠷᠤ ᠶ᠋ᠢᠨ ᠠᠭᠤᠯᠠ ᠨᠢ ᠪᠤᠳᠠᠩᠲᠤᠭᠠᠳ ᠪᠠᠢᠨ᠎ᠠ 
ᠠᠪᠤ ᠶ᠋ᠢᠨ ᠮᠢᠨᠢ ᠪᠠᠷ᠎ᠠ ᠪᠦᠷᠦᠯᠵᠡᠭᠡᠳ ᠪᠠᠢᠨ᠎ᠠ 
ᠨᠠᠷᠢᠨ ᠭᠣᠣᠯ ᠮᠠᠨᠠᠨᠲᠤᠭᠠᠳ ᠪᠠᠢᠨ᠎ᠠ 
ᠨᠠᠰᠤᠨ ᠪᠠᠭ᠎ᠠ ᠪᠠᠨ ᠳᠤᠷᠠᠰᠤᠭᠠᠳ ᠪᠠᠢᠨ᠎ᠠ 
ᠠᠢ ᠬᠦ᠂ ᠬᠡᠴᠢᠨᠡᠨ ᠴᠦ᠍ ᠬᠤᠷᠳᠤᠨ ᠥᠩᠭᠡᠷᠡᠬᠦ ᠶᠦᠮ ᠠ᠋ 
ᠤᠬᠢᠯᠠᠮᠠᠷ ᠳᠠᠭᠤᠯᠠᠮᠠᠷ ᠣᠨ ᠵᠢᠯ ᠦ᠋ᠳ ᠠ᠋ 
ᠠᠢ᠂ ᠬᠡᠳᠦᠢ ᠴᠦ᠍ ᠲᠦᠷᠭᠡᠨ ᠥᠲᠡᠯᠬᠦ ᠶᠦᠮ ᠠ᠋ 
ᠤᠴᠠᠷᠠᠵᠤ ᠦᠶᠡᠷᠬᠡᠭᠰᠡᠨ ᠠᠨᠳᠠ ᠨᠤᠭᠤᠳ ᠮᠢᠨᠢ ᠠ᠋ 

ᠰᠠᠷᠠᠭᠤᠯ ᠬᠠᠩᠭᠠᠢ ᠰᠡᠮᠡᠷᠡᠭᠡᠳ ᠪᠠᠢᠨ᠎ᠠ 
ᠰᠠᠨᠴᠢᠭ ᠤ᠋ᠨ ᠦᠰᠦ ᠪᠤᠭᠤᠷᠤᠯᠲᠤᠭᠠᠳ ᠪᠠᠢᠨ᠎ᠠ 
ᠬᠥᠳᠡᠭᠡ ᠶ᠋ᠢᠨ ᠵᠠᠮ ᠰᠤᠨᠤᠯᠵᠠᠭᠠᠳ ᠪᠠᠢᠨ᠎ᠠ 
ᠬᠥᠭᠡᠷᠦᠬᠦᠢ ᠵᠢᠷᠦᠬᠡ ᠮᠢᠨᠢ ᠤᠶᠠᠷᠠᠭᠠᠳ ᠪᠠᠢᠨ᠎ᠠ 
ᠠᠢ᠂ ᠬᠦ ᠶᠠᠭᠠᠬᠢᠭᠰᠠᠨ ᠴᠤ᠌ ᠬᠤᠷᠳᠤᠨ ᠥᠩᠭᠡᠷᠡᠬᠦ ᠶᠦᠮ ᠠ᠋
ᠳᠤᠷᠠᠳᠬᠠᠯ ᠬᠡᠯᠬᠢᠭᠰᠡᠨ ᠣᠨ ᠵᠢᠯ ᠦ᠋ᠳ ᠠ᠋
ᠠᠢ᠂ ᠶᠠᠮᠠᠷ ᠴᠤ᠌ ᠲᠦᠷᠭᠡᠨ ᠥᠩᠭᠡᠷᠡᠬᠦ ᠶᠦᠮ ᠠ᠋
ᠲᠣᠭᠯᠠᠵᠤ ᠥᠰᠦᠭᠰᠡᠨ ᠭᠠᠵᠠᠷ ᠰᠢᠷᠣᠢ ᠮᠢᠨᠢ

ᠪᠣᠭᠳᠠ ᠬᠠᠢᠷᠬᠠᠨ ᠲᠦᠩᠰᠦᠢᠭᠡᠳ ᠪᠠᠢᠨ᠎ᠠ
ᠪᠣᠷᠣ ᠭᠡᠷ ᠮᠢᠨᠢ ᠰᠦᠮᠡᠢᠭᠡᠳ ᠪᠠᠢᠨ᠎ᠠ
ᠠᠮᠤᠭᠤᠯᠠᠩ ᠲᠠᠯ᠎ᠠ ᠠᠨᠢᠷᠯᠠᠭᠠᠳ ᠪᠠᠢᠨ᠎ᠠ
ᠠᠶᠠᠯᠭᠤ ᠳᠠᠭᠤᠤ ᠨᠢ ᠤᠴᠢᠷᠯᠠᠭᠠᠳ ᠪᠠᠢᠨ᠎ᠠ
ᠠᠢ ᠬᠦ᠂ ᠵᠡᠭᠦᠳᠦ ᠰᠢᠭ ᠰᠠᠨᠠᠭᠳᠠᠬᠤ ᠶᠤᠮ ᠠ᠋
ᠵᠢᠷᠭᠠᠯᠠᠩᠲᠤ ᠶ᠋ᠢᠨ ᠡᠳᠦᠷ ᠬᠣᠨᠣᠭ ᠤ᠋ᠳ ᠠ᠋
ᠠᠢ᠂ ᠦᠯᠢᠭᠡᠷ ᠰᠢᠭ ᠯᠡ ᠦᠷᠭᠦᠯᠵᠢᠯᠡᠬᠦ ᠶᠦᠮ ᠠ᠋
ᠦᠨᠡᠨ ᠲᠡᠢ ᠬᠤᠳᠠᠯ ᠲᠠᠢ ᠣᠨ ᠵᠢᠯ ᠦ᠋ᠳ ᠠ᠋

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ ᠄ ᠰᠣᠳᠣ
   ᠬᠢᠨᠠᠭᠴᠢ᠄ ᠣᠳᠬᠠᠨᠰᠣ᠎ᠠ