ᠰᠠᠢᠬᠠᠨ ᠰᠡᠢᠷᠡᠮ -ᠳ᠋ᠤᠩᠬᠤᠸᠠᠷ Saikhan sairam-DunkhuvrСайхан сайрам-Дунхувр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠰᠡᠢᠷᠡᠮ -ᠳ᠋ᠤᠩᠬᠤᠸᠠᠷ Saikhan sairam-DunkhuvrСайхан сайрам-Дунхувр

ᠰᠠᠢᠬᠠᠨ ᠰᠡᠢᠷᠡᠮ -ᠳ᠋ᠤᠩᠬᠤᠸᠠᠷ Saikhan sairam-DunkhuvrСайхан сайрам-Дунхувр

ᠠᠩᠭᠢᠯᠠᠯ:ᠳᠠᠭᠤᠤ ᠬᠥᠭᠵᠢᠮ
2025-11-19

307

ᠰᠠᠢᠬᠠᠨ ᠰᠡᠢᠷᠡᠮ


    ᠦᠭᠡ᠄ ᠳ᠋ᠤᠩᠬᠤᠸᠠᠷ 
    ᠠᠶ᠎ᠠ᠄ ᠳ᠋ᠤᠩᠬᠤᠸᠠᠷ 
    ᠳᠠᠭᠤᠴᠢᠨ᠄ ᠳ᠋ᠤᠩᠬᠤᠸᠠᠷ 
            
ᠥᠨᠳᠥᠷ ᠰᠦᠷᠯᠢᠭ ᠠᠭᠤᠯᠠ ᠤᠰᠤ ᠮᠢᠨᠢ 
ᠥᠨᠢᠷ ᠪᠠᠶᠠᠯᠢᠭ ᠠᠳᠤᠭᠤ ᠮᠠᠯ ᠮᠢᠨᠢ 
ᠦᠨᠡᠨ ᠤᠬᠠᠭᠠᠨ ᠤ᠋ ᠤᠶᠠᠭ᠎ᠠ ᠪᠣᠯᠤᠭᠰᠠᠨ 
ᠥᠩᠭᠡ ᠶ᠋ᠢᠨ ᠨᠤᠲᠤᠭ ᠮᠢᠨᠢ᠂ ᠪᠠᠷ᠎ᠠ ᠶᠤᠮ ᠳᠠ 

ᠴᠡᠭᠡᠨ ᠲᠤᠩᠭᠠᠯᠠᠭ ᠰᠠᠢᠷᠠᠮ ᠤ᠋ᠨ ᠨᠠᠭᠤᠷ ᠠ᠋ 
ᠰᠠᠢᠬᠠᠨ ᠰᠡᠳᠬᠢᠯᠲᠦ ᠮᠣᠩᠭᠣᠯ ᠨᠤᠲᠤᠭ ᠮᠢᠨᠢ 
ᠰᠠᠨᠠᠭ᠎ᠠ ᠰᠡᠳᠬᠢᠯ ᠳ᠋ᠦ᠍ ᠮᠢᠨᠢ ᠤᠶᠠᠭ᠎ᠠ ᠪᠣᠯᠤᠭᠰᠠᠨ 
ᠰᠠᠢᠬᠠᠨ ᠮᠣᠩᠭᠣᠯ ᠤ᠋ᠨ ᠮᠢᠨᠢ᠂  ᠪᠠᠷ᠎ᠠ ᠶᠤᠮ ᠳᠠ 

ᠥᠨᠳᠥᠷ ᠰᠦᠷᠯᠢᠭ ᠠᠭᠤᠯᠠ ᠤᠰᠤ ᠮᠢᠨᠢ 
ᠥᠨᠢᠷ ᠪᠠᠶᠠᠯᠢᠭ ᠠᠳᠤᠭᠤ ᠮᠠᠯ ᠮᠢᠨᠢ
ᠦᠨᠡᠨ ᠤᠬᠠᠭᠠᠨ ᠤ᠋ ᠤᠶᠠᠭ᠎ᠠ ᠪᠣᠯᠤᠭᠰᠠᠨ
ᠥᠩᠭᠡ ᠶ᠋ᠢᠨ ᠨᠤᠲᠤᠭ ᠮᠢᠨᠢ᠂  ᠪᠠᠷ᠎ᠠ ᠶᠤᠮ ᠳᠠ
ᠦᠨᠡᠨ ᠤᠬᠠᠭᠠᠨ ᠤ᠋ ᠤᠶᠠᠭ᠎ᠠ ᠪᠣᠯᠤᠭᠰᠠᠨ
ᠥᠩᠭᠡ ᠶ᠋ᠢᠨ ᠨᠤᠲᠤᠭ ᠮᠢᠨᠢ᠂  ᠪᠠᠷ᠎ᠠ ᠶᠤᠮ ᠳᠠ
ᠴᠡᠭᠡᠨ ᠲᠤᠩᠭᠠᠯᠠᠭ ᠰᠠᠢᠷᠠᠮ ᠤ᠋ᠨ ᠨᠠᠭᠤᠷ ᠠ᠋
ᠰᠠᠢᠬᠠᠨ ᠰᠡᠳᠬᠢᠯᠲᠦ ᠮᠣᠩᠭᠣᠯ ᠨᠤᠲᠤᠭ ᠮᠢᠨᠢ
ᠰᠠᠨᠠᠭ᠎ᠠ ᠰᠡᠳᠬᠢᠯ ᠳ᠋ᠦ᠍ ᠮᠢᠨᠢ ᠤᠶᠠᠭ᠎ᠠ ᠪᠣᠯᠤᠭᠰᠠᠨ
ᠰᠠᠢᠬᠠᠨ ᠮᠣᠩᠭᠣᠯ ᠮᠢᠨᠢ ᠂ ᠪᠠᠷ᠎ᠠ ᠶᠤᠮ ᠳᠠ 

ᠴᠡᠭᠡᠨ ᠲᠤᠩᠭᠠᠯᠠᠭ ᠰᠠᠢᠷᠠᠮ ᠤ᠋ᠨ ᠨᠠᠭᠤᠷ ᠠ᠋
ᠰᠠᠢᠬᠠᠨ ᠰᠡᠳᠬᠢᠯᠲᠦ ᠮᠣᠩᠭᠣᠯ ᠨᠤᠲᠤᠭ ᠮᠢᠨᠢ
ᠰᠠᠨᠠᠭ᠎ᠠ ᠰᠡᠳᠬᠢᠯ  ᠳ᠋ᠦ᠍ ᠮᠢᠨᠢ ᠤᠶᠠᠭ᠎ᠠ ᠪᠣᠯᠤᠭᠰᠠᠨ
ᠰᠠᠢᠬᠠᠨ ᠮᠣᠩᠭᠣᠯ ᠮᠢᠨᠢ᠂  ᠪᠠᠷ᠎ᠠ ᠶᠤᠮ ᠳᠠ
ᠰᠠᠨᠠᠭ᠎ᠠ ᠰᠡᠳᠬᠢᠯ ᠳ᠋ᠦ᠍ ᠮᠢᠨᠢ ᠤᠶᠠᠭ᠎ᠠ ᠪᠣᠯᠤᠭᠰᠠᠨ
ᠰᠠᠢᠬᠠᠨ ᠮᠣᠩᠭᠣᠯ ᠮᠢᠨᠢ᠂  ᠪᠠᠷ᠎ᠠ ᠶᠤᠮ ᠳᠠ  
ᠰᠠᠨᠠᠭ᠎ᠠ ᠰᠡᠳᠬᠢᠯ ᠳ᠋ᠦ᠍ ᠮᠢᠨᠢ ᠤᠶᠠᠭ᠎ᠠ ᠪᠣᠯᠤᠭᠰᠠᠨ
ᠰᠠᠢᠬᠠᠨ ᠮᠣᠩᠭᠣᠯ ᠮᠢᠨᠢ᠂  ᠪᠠᠷ᠎ᠠ ᠶᠤᠮ ᠳᠠ

 ᠦᠰᠦᠭ ᠠᠮᠢᠯᠠᠭᠤᠯᠤᠭᠴᠢ᠄ ᠵᠢ᠊· ᠣᠶᠤᠨᠴᠡᠴᠡᠭ
 ᠦᠰᠦᠭ ᠬᠠᠳᠠᠭᠴᠢ᠄ ᠵᠢ᠊· ᠣᠶᠤᠨᠴᠡᠴᠡᠭ
 ᠬᠢᠨᠠᠭᠴᠢ᠄ ᠣᠳᠬᠠᠨᠰᠸ᠋᠎ᠠ᠂ ᠰᠡᠴᠡᠨᠬᠡᠷᠡᠯ