ᠨᠤᠲᠤᠭ -ᠪ ∙ ᠪᠠᠲᠤᠴᠡᠴᠡᠭᠯᠡᠨNutag-B,Battsetseglen Нутаг- Б.Батцэцэглэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ -ᠪ ∙ ᠪᠠᠲᠤᠴᠡᠴᠡᠭᠯᠡᠨNutag-B,Battsetseglen Нутаг- Б.Батцэцэглэн

ᠨᠤᠲᠤᠭ -ᠪ ∙ ᠪᠠᠲᠤᠴᠡᠴᠡᠭᠯᠡᠨNutag-B,Battsetseglen Нутаг- Б.Батцэцэглэн

ᠠᠩᠭᠢᠯᠠᠯ:ᠳᠠᠭᠤᠤ ᠬᠥᠭᠵᠢᠮ
2025-11-19

259

ᠨᠤᠲᠤᠭ

        ᠦᠭᠡ᠄ ᠯ· ᠡᠷᠳᠡᠨᠢᠪᠠᠲᠤ
        ᠠᠶ᠎ᠠ᠄ ᠱ· ᠥᠯᠵᠡᠢᠪᠠᠶᠠᠷ
        ᠳᠠᠭᠤᠴᠢᠨ᠄ ᠤ᠋· ᠪᠠᠳᠤᠴᠡᠴᠩᠯᠨᠨ

ᠲᠣᠷᠤᠮᠠᠨ ᠲᠣᠷᠤᠮᠠᠨ ᠡᠭᠦᠯᠡᠰ ᠨᠢ ᠠᠢ ᠬᠦ
ᠲᠤᠯᠤᠭᠠᠳ ᠳᠠᠮᠵᠢᠨ ᠡᠷᠬᠡᠯᠡᠳᠡᠭ ᠨᠤᠲᠤᠭ ᠳᠠ
ᠪᠣᠲᠣᠭᠣᠨ ᠴᠡᠩᠬᠡᠷ ᠰᠠᠪᠰᠠᠶ᠎ᠠ ᠨᠢ ᠠᠢ ᠬᠦ
ᠪᠣᠷᠣᠭᠠᠨ ᠤ᠋ ᠦᠨᠦᠷ ᠲᠡᠢ ᠰᠠᠨᠠᠭᠠᠳᠠᠳᠠᠭ ᠨᠤᠲᠤᠭ ᠳᠠ
ᠵᠣᠷᠢᠭᠠᠳ ᠣᠴᠢᠮᠠᠷ ᠨᠤᠲᠤᠭ ᠲᠤ᠌ ᠪᠠᠨ
ᠵᠣᠷᠢᠭ ᠢ᠋ᠶ᠋ᠠᠷ ᠵᠣᠷᠢᠭ ᠢ᠋ᠶ᠋ᠠᠷ ᠵᠢᠷᠭᠠᠮᠠᠷ ᠠ᠋
ᠰᠠᠨᠠᠨ ᠰᠠᠨᠠᠨ ᠣᠴᠢᠮᠠᠷ ᠠ᠋
ᠰᠠᠭᠠᠳᠠᠨ ᠰᠠᠭᠠᠳᠠᠨ ᠴᠡᠩᠭᠡᠮᠡᠷ ᠠ᠋

ᠲᠡᠮᠡᠭᠡ ᠲᠡᠮᠡᠭᠡ ᠠᠭᠤᠯᠠᠰ ᠨᠢ ᠠᠢ ᠬᠦ
ᠲᠩᠷᠢ ᠳ᠋ᠦ᠍ ᠣᠢᠷᠠᠬᠠᠨ ᠬᠠᠷᠠᠭᠳᠠᠳᠠᠭ ᠨᠤᠲᠤᠭ ᠠ᠋
ᠳᠡᠯᠡᠮᠡᠨ ᠲᠠᠯᠠᠮᠠᠨ ᠵᠡᠷᠭᠡᠯᠭᠡ ᠨᠢ ᠠᠢ ᠬᠦ
ᠡᠩᠭᠡᠷ ᠭᠡᠵᠢᠭᠡᠳᠡᠨ ᠮᠢᠷᠠᠯᠵᠠᠳᠠᠭ ᠨᠤᠲᠤᠭ ᠳᠠ
ᠵᠣᠷᠢᠭᠠᠳ ᠣᠴᠢᠮᠠᠷ ᠨᠤᠲᠤᠭ ᠲᠤ᠌ ᠪᠠᠨ
ᠵᠣᠷᠢᠭ ᠢ᠋ᠶ᠋ᠠᠷ ᠵᠣᠷᠢᠭ ᠢ᠋ᠶ᠋ᠠᠷ ᠵᠢᠷᠭᠠᠮᠠᠷ ᠠ᠋
ᠰᠠᠨᠠᠨ ᠰᠠᠨᠠᠨ ᠣᠴᠢᠮᠠᠷ ᠠ᠋
ᠰᠠᠭᠠᠳᠠᠨ ᠰᠠᠭᠠᠲᠠᠨ ᠴᠡᠩᠭᠡᠮᠡᠷ ᠠ᠋
ᠢᠷᠡᠬᠦ ᠪᠤᠴᠠᠬᠤ ᠣᠷᠴᠢᠯᠠᠩ ᠳ᠋ᠤ᠌ ᠠᠢ ᠬᠦ
ᠡᠵᠢ ᠠᠪᠤ ᠶ᠋ᠢᠨ ᠨᠥᠮᠥᠷᠢ ᠲᠡᠢ ᠯᠡ ᠨᠤᠲᠤᠭ ᠳᠠ
ᠡᠩᠬᠦᠷᠡᠢᠯᠡᠬᠦ ᠰᠢᠲᠦᠬᠦ ᠶ᠋ᠢᠨ ᠢᠷᠦᠭᠡᠯ ᠳ᠋ᠦ᠍ ᠨᠢ ᠠᠢ ᠬᠦ
ᠢᠪᠡᠭᠡᠯ ᠬᠠᠢᠷ᠎ᠠ ᠪᠠᠨ ᠳᠡᠯᠭᠡᠭᠰᠡᠨ ᠨᠤᠲᠤᠭ ᠳᠠ
ᠵᠣᠷᠢᠭᠠᠳ ᠣᠴᠢᠮᠠᠷ ᠨᠤᠲᠤᠭ ᠲᠤ᠌ ᠪᠠᠨ
ᠵᠣᠷᠢᠭ ᠢ᠋ᠶ᠋ᠠᠷ ᠵᠣᠷᠢᠭ ᠢ᠋ᠶ᠋ᠠᠷ ᠵᠢᠷᠭᠠᠮᠠᠷ ᠠ᠋
ᠰᠠᠨᠠᠨ ᠰᠠᠨᠠᠨ  ᠣᠴᠢᠮᠠᠷ ᠠ᠋
ᠰᠠᠭᠠᠳᠠᠨ ᠰᠠᠭᠠᠳᠠᠨ ᠴᠡᠩᠭᠡᠮᠡᠷ ᠠ᠋
ᠵᠣᠷᠢᠭᠠᠳ ᠣᠴᠢᠮᠠᠷ ᠨᠤᠲᠤᠭ ᠲᠤ᠌ ᠪᠠᠨ
ᠵᠣᠷᠢᠭ ᠢ᠋ᠶ᠋ᠠᠷ ᠵᠣᠷᠢᠭ ᠢ᠋ᠶ᠋ᠠᠷ ᠵᠢᠷᠭᠠᠮᠠᠷ ᠠ᠋
ᠰᠠᠨᠠᠨ ᠰᠠᠨᠠᠨ ᠣᠴᠢᠮᠠᠷ ᠠ᠋
ᠰᠠᠭᠠᠳᠠᠨ ᠰᠠᠭᠠᠲᠠᠨ ᠴᠡᠩᠭᠡᠮᠡᠷ ᠠ᠋
ᠰᠠᠭᠠᠲᠠᠨ ᠰᠠᠭᠠᠳᠠᠨ ᠴᠡᠩᠭᠡᠮᠡᠷ ᠠ᠋
 
      ᠦᠰᠦᠭ ᠠᠮᠢᠯᠠᠭᠤᠯᠤᠭᠴᠢ᠄  ᠰᠡᠴᠡᠨᠬᠡᠷᠡᠯ
      ᠦᠰᠦᠭ ᠬᠠᠲᠠᠭᠴᠢ᠄  ᠰᠡᠴᠡᠨᠭᠡᠷᠡᠯ
      ᠬᠢᠨᠠᠭᠴᠢ ᠪᠠᠭᠰᠢ᠄ ᠠᠯᠳᠡᠨᠴᠡᠴᠩ