ᠠᠷᠭ᠎ᠠ ᠦᠭᠡᠢ ᠰᠠᠨᠠᠭᠳᠠᠬᠤ ᠬᠣᠷᠸ᠎ᠠ- ᠰᠣᠳᠤᠴᠡᠩᠭᠡᠯArgagüi sanagdakh khorvoo-Sorttsengel Аргагүй санагдах хорвоо-Сортцэнгэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠭ᠎ᠠ ᠦᠭᠡᠢ ᠰᠠᠨᠠᠭᠳᠠᠬᠤ ᠬᠣᠷᠸ᠎ᠠ- ᠰᠣᠳᠤᠴᠡᠩᠭᠡᠯArgagüi sanagdakh khorvoo-Sorttsengel Аргагүй санагдах хорвоо-Сортцэнгэл

ᠠᠷᠭ᠎ᠠ ᠦᠭᠡᠢ ᠰᠠᠨᠠᠭᠳᠠᠬᠤ ᠬᠣᠷᠸ᠎ᠠ- ᠰᠣᠳᠤᠴᠡᠩᠭᠡᠯArgagüi sanagdakh khorvoo-Sorttsengel Аргагүй санагдах хорвоо-Сортцэнгэл

ᠠᠩᠭᠢᠯᠠᠯ:ᠳᠠᠭᠤᠤ ᠬᠥᠭᠵᠢᠮ
2025-11-19

557

ᠠᠷᠭ᠎ᠠ ᠦᠭᠡᠢ ᠰᠠᠨᠠᠭᠳᠠᠬᠤ ᠬᠣᠷᠸ᠎ᠠ

       ᠦᠭᠡ᠄ ᠨᠠᠰᠤᠨ 
       ᠠᠶ᠎ᠠ᠄ ᠳ · ᠴᠡᠸᠡᠩᠷᠡᠪᠳᠡᠨ  
       ᠳᠠᠭᠤᠴᠢᠨ᠄  ᠰᠣᠳᠤᠴᠡᠩᠭᠡᠯ   

ᠤᠷᠭᠤᠬᠤ ᠨᠠᠷᠠ ᠪᠠᠷ ᠦᠨᠦᠰᠦᠭᠦᠯᠪᠡᠴᠦ 
ᠲᠡᠷᠭᠡᠯ ᠰᠠᠷᠠ ᠪᠠᠷ ᠠᠷᠭᠠᠳᠠᠭᠤᠯᠪᠠᠴᠤ 
ᠡᠵᠢ ᠯᠡ ᠠᠪᠤ ᠶ᠋ᠢᠨ ᠬᠠᠢᠷ᠎ᠠ ᠨᠢ 
ᠡᠷᠬᠡ ᠦᠭᠡᠢ ᠯᠡ ᠰᠠᠨᠠᠭᠳᠠᠳᠠᠭ ᠬᠣᠷᠸ᠎ᠠ ᠮᠢᠨᠢ ᠳᠡ 
ᠡᠵᠢ ᠯᠡ ᠠᠪᠤ ᠶ᠋ᠢᠨ ᠬᠠᠢᠷ᠎ᠠ ᠨᠢ 
ᠡᠷᠬᠡ ᠦᠭᠡᠢ ᠰᠠᠨᠠᠭᠳᠠᠳᠠᠭ ᠬᠣᠷᠸ᠎ᠠ ᠮᠢᠨᠢ ᠳᠡ 

ᠴᠡᠩᠭᠡᠯ ᠵᠢᠷᠭᠠᠯ ᠢ᠋ ᠡᠳ᠋ᠯᠡᠭᠦᠯᠪᠡᠴᠦ 
ᠲᠠᠪᠢᠯᠠᠩ ᠵᠠᠶᠠᠭ᠎ᠠ ᠪᠠᠷ ᠤᠴᠠᠷᠠᠭᠤᠯᠪᠠᠴᠤ
ᠠᠪᠤ ᠯᠠ ᠡᠵᠢ ᠶ᠋ᠢᠨ ᠮᠢᠨᠢ ᠰᠤᠷᠭᠠᠯ ᠨᠢ
ᠠᠷᠭ᠎ᠠ ᠦᠭᠡᠢ ᠯᠡ ᠪᠣᠳᠣᠭᠳᠠᠳᠠᠭ ᠬᠣᠷᠸ᠎ᠠ ᠮᠢᠨᠢ ᠳᠡ
ᠠᠪᠤ ᠯᠠ ᠡᠵᠢ ᠶ᠋ᠢᠨ ᠮᠢᠨᠢ ᠰᠤᠷᠭᠠᠯ ᠨᠢ
ᠠᠷᠭ᠎ᠠ ᠦᠭᠡᠢ ᠯᠡ ᠪᠣᠳᠣᠭᠳᠠᠳᠠᠭ ᠬᠣᠷᠸ᠎ᠠ ᠮᠢᠨᠢ ᠳᠡ

ᠬᠣᠩᠭᠣᠷ ᠰᠠᠯᠬᠢ ᠨᠢ ᠪᠦᠪᠡᠢᠯᠡᠪᠡᠴᠦ
ᠲᠩᠷᠢ ᠭᠠᠵᠠᠷ ᠨᠢ ᠪᠥᠭᠡᠴᠡᠢᠯᠡᠪᠡᠴᠦ
ᠥᠷᠥᠰᠢᠶᠡᠯᠲᠦ ᠪᠤᠭᠤᠷᠤᠯ ᠤ᠋ᠳ ᠤ᠋ᠨ ᠢ᠋ᠶ᠋ᠠᠨ ᠨᠥᠮᠥᠷᠢ ᠳ᠋ᠦ᠍ ᠨᠢ
ᠦᠷᠡᠰ ᠨᠢ ᠬᠣᠷᠭᠣᠳᠠᠳᠠᠭ ᠬᠣᠷᠸ᠎ᠠ ᠮᠢᠨᠢ ᠳᠡ
ᠥᠷᠥᠰᠢᠶᠡᠯᠲᠦ ᠪᠤᠭᠤᠷᠤᠯ ᠤ᠋ᠳ ᠤ᠋ᠨ ᠢ᠋ᠶ᠋ᠠᠨ ᠨᠥᠮᠥᠷᠢ ᠳ᠋ᠦ᠍ ᠨᠢ
ᠦᠷᠡᠰ ᠨᠢ ᠬᠣᠷᠭᠣᠳᠠᠳᠠᠭ ᠬᠣᠷᠸ᠎ᠠ ᠮᠢᠨᠢ ᠳᠡ
ᠠᠪᠤ ᠯᠠ ᠡᠵᠢ ᠶ᠋ᠢᠨ ᠮᠢᠨᠢ ᠬᠠᠢᠷ᠎ᠠ ᠨᠢ
ᠠᠷᠭ᠎ᠠ ᠦᠭᠡᠢ ᠯᠡ ᠰᠠᠨᠠᠭᠳᠠᠳᠠᠭ ᠬᠣᠷᠸ᠎ᠠ ᠮᠢᠨᠢ ᠳᠡ

  ᠦᠰᠦᠭ ᠠᠮᠢᠯᠠᠭᠤᠯᠤᠭᠴᠢ᠄ ᠰᠣᠨᠢᠨᠪᠠᠶᠠᠷ  
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ ᠪᠠᠭᠰᠢ᠄ ᠰᠣᠨᠢᠨᠪᠠᠶᠠᠷ