ᠮᠠᠨ ᠤ᠋ ᠭᠣᠪᠢ ᠪᠠᠷ ᠵᠣᠴᠢᠯᠠᠨ ᠣᠴᠢᠭᠠᠷᠠᠢ-ᠦ᠌ ∙ ᠪᠠᠲᠤᠴᠡᠴᠡᠭᠯᠡᠨ᠂ ᠦ᠌ ∙ ᠠᠯᠲᠠᠨᠵᠢᠷᠭᠠᠯМанай говиор зочлон очоорой-Б.Батцэцэглэн,Б.Алтанжаргал
ᠮᠠᠨ ᠤ᠋ ᠭᠣᠪᠢ ᠪᠠᠷ ᠵᠣᠴᠢᠯᠠᠨ ᠣᠴᠢᠭᠠᠷᠠᠢ
ᠦᠭᠡ᠄ ᠽ ∙ ᠢᠳᠠᠮᠠ
ᠠᠶ᠎ᠠ᠄ ᠰ ∙ ᠴᠢᠯᠠᠭᠤᠨᠳᠣᠷᠵᠢ
ᠳᠠᠭᠤᠴᠢᠨ᠄ ᠪ ∙ ᠪᠠᠲᠤᠴᠡᠴᠡᠭᠯᠡᠨ᠂ ᠦ᠌ ∙ ᠠᠯᠲᠠᠨᠵᠢᠷᠭᠠᠯ
ᠦᠢ ᠲᠦᠮᠡᠨ ᠰᠦᠷᠦᠭ ᠦ᠋ᠨ ᠳᠠᠯᠠᠢ
ᠦᠯᠢᠭᠡᠷ ᠦ᠋ᠨ ᠭᠣᠪᠢ ᠪᠠᠷ ᠵᠣᠴᠢᠯᠠᠨ ᠣᠴᠢᠭᠠᠷᠠᠢ
ᠦᠯᠢᠭᠡᠷ ᠦ᠋ᠨ ᠭᠣᠪᠢ ᠪᠠᠷ ᠵᠣᠴᠢᠯᠠᠨ ᠣᠴᠢᠬᠤ ᠳ᠋ᠠᠭᠠᠨ
ᠦᠷ ᠦ᠋ᠨ ᠴᠣᠯᠮᠣᠨ ᠣᠳᠣᠨ ᠳ᠋ᠤ᠌ ᠰᠠᠭᠠᠳᠠᠭᠠᠷᠠᠢ
ᠮᠠᠨᠠᠨ ᠲᠠᠢ ᠴᠡᠩᠬᠡᠷ ᠲᠠᠯ᠎ᠠ ᠶ᠋ᠢᠨ ᠲᠡᠷᠲᠡᠭᠡ
ᠮᠠᠨ ᠤ᠋ ᠭᠣᠪᠢ ᠪᠠᠷ ᠵᠣᠴᠢᠯᠠᠨ ᠣᠴᠢᠭᠠᠷᠠᠢ
ᠮᠠᠨ ᠤ᠋ ᠭᠣᠪᠢ ᠪᠠᠷ ᠵᠣᠴᠢᠯᠠᠨ ᠣᠴᠢᠬᠤ ᠳ᠋ᠠᠭᠠᠨ
ᠮᠠᠯᠴᠢᠨ ᠤ᠋ ᠦᠷᠭᠦᠭᠡ ᠳ᠋ᠦ᠍ ᠰᠠᠭᠠᠳᠠᠨ ᠮᠣᠷᠢᠯᠠᠭᠠᠷᠠᠢ᠃
ᠤᠷᠠᠨ ᠴᠠᠭᠠᠨ ᠦᠷᠭᠦᠭᠡ ᠭᠡᠷ ᠦ᠋ᠨ ᠢ᠋ᠶ᠋ᠡᠨ
ᠤᠭᠠᠯᠵᠠᠲᠠᠢ ᠡᠷᠢᠶᠡᠨ ᠬᠠᠭᠠᠯᠭ᠎ᠠ ᠪᠠᠨ ᠨᠡᠭᠡᠭᠡᠭᠡᠳ
ᠨᠠᠷᠠᠨ ᠦᠳᠡᠯᠡᠬᠦ ᠴᠡᠯᠭᠡᠷ ᠬᠣᠢᠮᠣᠷ ᠲᠠᠭᠠᠨ
ᠨᠠᠢᠷᠲᠠᠢ ᠡᠵᠡᠨ ᠨᠢ ᠲᠠᠨ ᠢ᠋ ᠤᠷᠢᠨ᠎ᠠ ᠳᠠ
ᠢᠩᠭᠡᠨ ᠰᠦ ᠲᠡᠢ ᠬᠣᠩᠭᠣᠷ ᠴᠠᠢ ᠪᠠᠨ
ᠮᠥᠩᠭᠥᠨ ᠠᠶᠠᠭ᠎ᠠ ᠳ᠋ᠠᠭᠠᠨ ᠳᠦᠭᠦᠷᠭᠡᠨ ᠪᠠᠷᠢᠭᠠᠳ
ᠲᠠᠯᠮᠢᠶᠠ ᠬᠥᠭᠡᠷᠦᠬᠦᠨ ᠬᠠᠷᠠᠴᠠ ᠪᠠᠨ ᠮᠢᠰᠢᠶᠡᠭᠰᠡᠭᠡᠷ
ᠲᠠᠯ᠎ᠠ ᠶ᠋ᠢᠨ ᠪᠦᠰᠡᠭᠦᠢ ᠲᠠᠨ ᠢ᠋ ᠤᠷᠢᠨ᠎ᠠ ᠳᠠ᠃
ᠬᠥᠮᠦᠨ ᠵᠤᠨ ᠨᠢ ᠮᠡᠨᠳᠦᠯᠡᠨ ᠵᠣᠯᠭᠠᠭᠠᠳ
ᠬᠦᠰᠡᠯ ᠵᠣᠷᠢᠯᠭ᠎ᠠ ᠪᠠᠨ ᠶᠠᠷᠢᠭᠠᠳ ᠣᠴᠢᠨ᠎ᠠ ᠳᠠ
ᠮᠣᠷᠢᠨ ᠬᠤᠭᠤᠷ ᠢ᠋ᠶ᠋ᠠᠨ ᠬᠥᠭᠯᠡᠵᠦ ᠪᠠᠷᠢᠭᠠᠳ
ᠮᠣᠩᠭᠣᠯ ᠳᠣᠮᠣᠭ ᠢ᠋ᠶ᠋ᠠᠨ ᠤᠷᠤᠰᠬᠠᠭᠠᠳ ᠥᠭᠭᠦᠨ᠎ᠡ ᠳᠡ
ᠮᠠᠨ ᠤ᠋ ᠴᠡᠩᠬᠡᠷ ᠲᠠᠯ᠎ᠠ ᠶ᠋ᠢᠨ ᠲᠡᠷᠲᠡᠭᠡ
ᠮᠠᠨ ᠤ᠋ ᠭᠣᠪᠢ ᠪᠠᠷ ᠵᠣᠴᠢᠯᠠᠨ ᠣᠴᠢᠭᠠᠷᠠᠢ
ᠮᠠᠨ ᠤ᠋ ᠭᠣᠪᠢ ᠪᠠᠷ ᠵᠣᠴᠢᠯᠠᠨ ᠣᠴᠢᠬᠤ ᠳ᠋ᠠᠭᠠᠨ
ᠮᠠᠯᠴᠢᠨ ᠤ᠋ ᠦᠷᠭᠦᠭᠡ ᠳ᠋ᠦ᠍ ᠰᠠᠭᠠᠳᠠᠨ ᠮᠣᠷᠢᠯᠠᠭᠠᠷᠠᠢ᠃
ᠬᠥᠮᠦᠨ ᠵᠤᠨ ᠨᠢ ᠥᠭᠡᠳᠡᠯᠡᠨ ᠲᠡᠪᠴᠢᠭᠡᠳ
ᠬᠦᠯᠦᠭ ᠦ᠋ᠨ ᠰᠠᠢᠨ ᠢ᠋ᠶ᠋ᠠᠷ ᠭᠠᠵᠠᠷ ᠢ᠋ ᠡᠮᠴᠢᠭᠡᠳ
ᠲᠣᠷᠭ᠎ᠠ ᠳᠤᠷᠳᠤᠩ ᠢ᠋ᠶ᠋ᠠᠷ ᠲᠠᠯ᠎ᠠ ᠪᠠᠨ ᠬᠡᠮᠵᠢᠭᠡᠳ
ᠮᠣᠷᠢᠯᠠᠨ ᠰᠠᠭᠠᠳᠠᠭᠠᠷᠠᠢ᠃
ᠬᠥᠮᠦᠨ ᠵᠤᠨ ᠨᠢ ᠥᠭᠡᠳᠡᠯᠡᠨ ᠲᠡᠪᠴᠢᠭᠡᠳ
ᠬᠦᠯᠦᠭ ᠦ᠋ᠨ ᠰᠠᠢᠨ ᠢ᠋ᠶ᠋ᠠᠷ ᠭᠠᠵᠠᠷ ᠢ᠋ ᠡᠮᠴᠢᠭᠡᠳ
ᠲᠣᠷᠭ᠎ᠠ ᠳᠤᠷᠳᠤᠩ ᠢ᠋ᠶ᠋ᠠᠷ ᠲᠠᠯ᠎ᠠ ᠪᠠᠨ ᠬᠡᠮᠵᠢᠭᠡᠳ
ᠵᠣᠴᠢᠯᠠᠨ ᠣᠴᠢᠭᠠᠷᠠᠢ᠃
ᠦᠢ ᠲᠦᠮᠡᠨ ᠰᠦᠷᠦᠭ ᠦ᠋ᠨ ᠳᠠᠯᠠᠢ
ᠦᠯᠢᠭᠡᠷ ᠦ᠋ᠨ ᠭᠣᠪᠢ ᠪᠠᠷ ᠵᠣᠴᠢᠯᠠᠨ ᠣᠴᠢᠭᠠᠷᠠᠢ
ᠦᠯᠢᠭᠡᠷ ᠦ᠋ᠨ ᠭᠣᠪᠢ ᠪᠠᠷ ᠵᠣᠴᠢᠯᠠᠨ ᠣᠴᠢᠬᠤ ᠳ᠋ᠠᠭᠠᠨ
ᠦᠷ ᠦ᠋ᠨ ᠴᠣᠯᠮᠣᠨ ᠣᠳᠣᠨ ᠳ᠋ᠤ᠌ ᠰᠠᠭᠠᠳᠠᠭᠠᠷᠠᠢ
ᠮᠠᠨᠠᠨ ᠲᠠᠢ ᠴᠡᠩᠬᠡᠷ ᠲᠠᠯ᠎ᠠ ᠶ᠋ᠢᠨ ᠲᠡᠷᠲᠡᠭᠡ
ᠮᠠᠨ ᠤ᠋ ᠭᠣᠪᠢ ᠪᠠᠷ ᠵᠣᠴᠢᠯᠠᠨ ᠣᠴᠢᠭᠠᠷᠠᠢ
ᠮᠠᠨ ᠤ᠋ ᠭᠣᠪᠢ ᠪᠠᠷ ᠵᠣᠴᠢᠯᠠᠨ ᠣᠴᠢᠬᠤ ᠳ᠋ᠠᠭᠠᠨ
ᠮᠠᠯᠴᠢᠨ ᠤ᠋ ᠦᠷᠭᠦᠭᠡ ᠳ᠋ᠦ᠍ ᠰᠠᠭᠠᠳᠠᠨ ᠮᠣᠷᠢᠯᠠᠭᠠᠷᠠᠢ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
