ᠠᠯᠲᠠᠨ ᠤ᠋ ᠰᠠᠯᠠᠭ᠎ᠠ- ᠪᠦᠷᠢᠨ᠎ᠡAltny salaa-BürneeАлтны салаа-Бүрнээ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠤ᠋ ᠰᠠᠯᠠᠭ᠎ᠠ- ᠪᠦᠷᠢᠨ᠎ᠡAltny salaa-BürneeАлтны салаа-Бүрнээ

ᠠᠯᠲᠠᠨ ᠤ᠋ ᠰᠠᠯᠠᠭ᠎ᠠ- ᠪᠦᠷᠢᠨ᠎ᠡAltny salaa-BürneeАлтны салаа-Бүрнээ

2025-11-17

534

ᠠᠯᠲᠠᠨ ᠤ᠋ ᠰᠠᠯᠠᠭ᠎ᠠ


    ᠣᠷᠳᠣᠰ ᠠᠷᠠᠳ ᠤ᠋ᠨ ᠳᠠᠭᠤᠤ
        ᠳᠠᠭᠤᠴᠢᠨ᠄ ᠪᠦᠷᠢᠨ᠎ᠡ
                
ᠠᠯᠲᠠᠨ ᠤ᠋ ᠰᠠᠯᠠᠭ᠎ᠠ ᠡᠷᠬᠢᠮ ᠤᠭᠰᠠᠭ᠎ᠠ
ᠠᠬ᠎ᠠ ᠶᠤ᠌ ᠳᠡᠭᠦᠦ ᠪᠠᠲᠤ ᠵᠢᠷᠤᠮᠲᠠᠨ
ᠠᠭᠤᠤ ᠲᠠᠪᠠ ᠪᠠᠷ ᠬᠥᠭᠵᠢᠨ ᠵᠢᠷᠭᠠᠬᠤ
ᠠᠮᠤᠷ ᠴᠠᠭ ᠢ᠋ ᠪᠠᠶᠠᠷᠯᠠᠨ ᠤᠭᠲᠤᠮᠤᠢ

ᠬᠥᠬᠡᠷᠡᠨ ᠬᠥᠬᠡᠷᠡᠨ ᠬᠥᠬᠡᠷᠡᠭᠴᠢ 
ᠬᠥᠬᠡ ᠶᠣ᠌ ᠣᠭᠲᠠᠷᠭᠤᠢ ᠶ᠋ᠢᠨ ᠤᠨᠢᠶᠠᠷ ᠪᠠᠢᠨ᠎ᠠ ᠰᠢᠦ ᠳ᠋ᠣᠣ
ᠬᠥᠪᠦᠯᠵᠡᠨ ᠬᠥᠪᠦᠯᠵᠡᠨ ᠭᠦᠪᠦᠯᠵᠡᠭᠴᠢ
ᠬᠥᠬᠡ ᠶᠣ᠌ ᠮᠣᠩᠭᠣᠯ ᠤ᠋ᠨ ᠴᠣᠭ ᠲᠠᠢ ᠵᠠᠯᠠᠭᠤᠴᠤᠳ

ᠲᠤᠶᠠᠭᠠᠯᠠᠨ ᠭᠡᠢᠭᠦᠯᠬᠦ ᠨᠠᠷᠠᠨ ᠤ᠋ ᠭᠡᠷᠡᠯ
ᠲᠣᠭᠲᠠᠨᠢᠨ ᠮᠠᠨᠳᠤᠬᠤ ᠵᠢᠷᠤᠮᠲᠤ ᠤᠭᠰᠠᠭ᠎ᠠ
ᠲᠣᠳᠣᠷᠠᠨ ᠰᠠᠢᠵᠢᠷᠠᠬᠤ ᠵᠠᠯᠠᠭᠤᠰ ᠤ᠋ᠨ ᠣᠶᠤᠨ
ᠲᠣᠨᠣᠯᠵᠢᠨ ᠬᠡᠷᠡᠯᠳᠦᠬᠦ ᠪᠠᠳᠠᠷᠠᠯᠲᠠᠢ ᠰᠢᠦ

ᠡᠭᠦᠯᠡ ᠪᠡᠷ ᠬᠠᠷᠠᠭᠳᠠᠬᠤ ᠥᠨᠳᠥᠷ ᠠᠭᠤᠯᠠ
ᠡᠪᠦᠭᠡ ᠴᠢᠩᠭᠢᠰ ᠳᠡᠭᠡᠳᠦᠰ ᠦ᠋ᠨ ᠠᠭᠤᠤ ᠨᠤᠲᠤᠭ ᠰᠢᠦ
ᠡᠭᠦᠷᠢᠳᠡ ᠤᠷᠤᠰᠤᠭᠴᠢ ᠤᠨᠤᠨ ᠮᠥᠷᠡᠨ
ᠡᠨᠡ ᠦᠶ᠎ᠡ ᠶ᠋ᠢᠨ ᠵᠠᠯᠠᠭᠤᠴᠤᠳ ᠤ᠋ᠨ ᠴᠣᠬᠣᠮ ᠳᠤᠷᠠᠰᠬᠠᠯ
ᠡᠨᠡ ᠦᠶ᠎ᠡ ᠶ᠋ᠢᠨ ᠵᠠᠯᠠᠭᠤᠴᠤᠳ ᠤ᠋ᠨ ᠴᠣᠬᠣᠮ ᠳᠤᠷᠠᠰᠬᠠᠯ

ᠦᠰᠦᠭ ᠬᠠᠲᠠᠭᠴᠢ᠂ ᠠᠮᠢᠯᠠᠭᠤᠯᠤᠭᠴᠢ᠄ ᠡᠷᠳᠡᠮᠲᠦ
ᠬᠢᠨᠠᠭᠴᠢ᠄ ᠵᠢᠩᠯᠢᠬᠤᠸᠠᠷ