ᠬᠣᠩᠬᠣᠨ ᠴᠡᠴᠡᠭ - ᠲ᠂ ᠤᠰᠬᠠᠪᠠᠶᠠᠷ᠂ ᠭ᠂ ᠣᠳᠬᠣᠨᠵᠤᠯᠠХонхон цэцэг-Т,Усгабаяр,Г,Отгонзул ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠩᠬᠣᠨ ᠴᠡᠴᠡᠭ - ᠲ᠂ ᠤᠰᠬᠠᠪᠠᠶᠠᠷ᠂ ᠭ᠂ ᠣᠳᠬᠣᠨᠵᠤᠯᠠХонхон цэцэг-Т,Усгабаяр,Г,Отгонзул

ᠬᠣᠩᠬᠣᠨ ᠴᠡᠴᠡᠭ - ᠲ᠂ ᠤᠰᠬᠠᠪᠠᠶᠠᠷ᠂ ᠭ᠂ ᠣᠳᠬᠣᠨᠵᠤᠯᠠХонхон цэцэг-Т,Усгабаяр,Г,Отгонзул

2025-11-17

1908

ᠬᠣᠩᠬᠣᠨ ᠴᠡᠴᠡᠭ


    ᠮᠣᠩᠭᠣᠯ ᠠᠷᠠᠳ ᠤ᠋ᠨ ᠳᠠᠭᠤᠤ 
    ᠲ᠂ ᠤᠰᠬᠠᠪᠠᠶᠠᠷ᠂ ᠭ᠂ ᠣᠳᠬᠣᠨᠵᠤᠯᠠ ᠳᠠᠭᠤᠯᠠᠨ᠎ᠠ 

ᠬᠤᠷ᠎ᠠ ᠪᠣᠷᠣᠭᠠᠨ ᠣᠷᠣᠬᠤ ᠪᠠᠷ ᠢ᠋ᠶ᠋ᠠᠨ 
ᠬᠣᠩᠬᠣᠨ ᠴᠡᠴᠡᠭ ᠰᠡᠷᠭᠦᠨ᠎ᠡ ᠬᠦ᠋ 
ᠬᠣᠩᠭᠣᠷ ᠴᠢᠮ᠎ᠠ ᠪᠠᠨ ᠪᠣᠳᠣᠬᠤ ᠪᠠᠷ ᠢ᠋ᠶ᠋ᠠᠨ 
ᠬᠣᠣᠰ ᠦᠭᠡᠢ ᠰᠡᠳᠬᠢᠯ ᠮᠢᠨᠢ ᠪᠡᠶᠡᠰᠦᠨ᠎ᠡ ᠬᠦ᠋ 

ᠦᠶᠡᠷ ᠪᠣᠷᠣᠭ᠎ᠠ ᠣᠷᠣᠬᠤ ᠪᠠᠷ ᠢ᠋ᠶ᠋ᠠᠨ 
ᠥᠩᠭᠡ ᠶ᠋ᠢᠨ ᠴᠡᠴᠡᠭ ᠭᠠᠩᠬᠤᠨ᠎ᠠ ᠬᠦ᠋
ᠦᠶ᠎ᠡ ᠶ᠋ᠢᠨ ᠴᠢᠮ᠎ᠠ ᠪᠠᠨ ᠪᠣᠳᠣᠬᠤ ᠪᠠᠷ ᠢ᠋ᠶ᠋ᠠᠨ 
ᠦᠨᠡᠨ ᠰᠡᠳᠬᠢᠯ ᠮᠢᠨᠢ ᠪᠡᠶᠡᠰᠦᠨ᠎ᠡ ᠬᠦ᠋ 
ᠦᠨᠡᠨ ᠰᠡᠳᠬᠢᠯ ᠮᠢᠨᠢ ᠪᠡᠶᠡᠰᠦᠨ᠎ᠡ ᠬᠦ᠋ 

ᠵᠦᠰᠡᠷ ᠪᠣᠷᠣᠭ᠎ᠠ ᠣᠷᠣᠬᠤ ᠪᠠᠷ ᠢ᠋ᠶ᠋ᠠᠨ
ᠵᠦᠯᠭᠡ ᠨᠣᠭᠣᠭ᠎ᠠ ᠰᠡᠷᠭᠦᠨ᠎ᠡ ᠳ᠋ᠠ
ᠵᠢᠷᠦᠬᠡᠨ ᠦ᠌ ᠴᠢᠮ᠎ᠠ ᠪᠠᠨ ᠪᠣᠳᠣᠬᠤ ᠪᠠᠷ ᠢ᠋ᠶ᠋ᠠᠨ
ᠵᠡᠭᠦᠳᠦ ᠨᠣᠢᠷᠤᠨ ᠮᠢᠨᠢ ᠤᠴᠠᠷᠠᠨ᠎ᠠ

ᠳᠣᠪᠣ ᠳᠣᠪᠣ ᠮᠢᠨᠢ ᠨᠣᠭᠣᠭᠠᠨ ᠤ᠋
ᠳᠠᠭᠠᠭᠠᠮᠠᠭᠠᠢ ᠰᠠᠢᠬᠠᠨ ᠤᠷᠭᠤᠭ᠎ᠠ ᠤᠤ
ᠳᠠᠪᠬᠤᠷᠭᠠᠲᠤ ᠨᠢᠳᠦ ᠲᠡᠢ ᠴᠢᠮ᠎ᠠ ᠳ᠋ᠠᠭᠠᠨ ᠪᠢ
ᠲᠤᠰᠤᠭᠰᠠᠨ ᠰᠡᠳᠬᠢᠯ ᠮᠢᠨᠢ ᠲᠡᠮᠡᠦᠯᠦᠨ᠎ᠡ

ᠪᠣᠷᠣ ᠪᠣᠷᠣ ᠶ᠋ᠢᠨ ᠨᠣᠭᠣᠭᠠᠨ ᠳ᠋ᠠᠭᠠᠨ
ᠪᠢᠷᠠᠭᠤ ᠲᠤᠭᠤᠯ ᠪᠡᠯᠴᠢᠨ᠎ᠡ ᠬᠦ᠋
ᠪᠦᠯᠲᠡᠭᠡᠷ ᠨᠢᠳᠦ ᠲᠡᠢ ᠴᠢᠮ᠎ᠠ ᠪᠠᠨ
ᠪᠦᠬᠦᠢᠯᠡ ᠨᠠᠰᠤ ᠪᠠᠷ ᠢ᠋ᠶ᠋ᠠᠨ ᠬᠠᠢᠷᠠᠯᠠᠨ᠎ᠠ
ᠪᠦᠬᠦᠢᠯᠡ ᠨᠠᠰᠤ ᠪᠠᠷ ᠢ᠋ᠶ᠋ᠠᠨ ᠬᠠᠢᠷᠠᠯᠠᠨ᠎ᠠ

  ᠦᠰᠦᠭ ᠠᠮᠢᠯᠠᠭᠤᠯᠤᠭᠴᠢ᠄ ᠠᠯᠲᠠᠨᠴᠢᠮᠡᠭ
  ᠦᠰᠦᠭ ᠬᠠᠲᠠᠭᠴᠢ᠄ ᠠᠯᠲᠠᠨᠴᠢᠮᠡᠭ