ᠵᠧᠩᠶᠧᠷᠮ᠎ᠠ -ᠴᠠᠭᠠᠨᠪᠠᠷᠰJyenyerma-TsagaanbarЖенерма-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠧᠩᠶᠧᠷᠮ᠎ᠠ -ᠴᠠᠭᠠᠨᠪᠠᠷᠰJyenyerma-TsagaanbarЖенерма-Цагаанбар

ᠵᠧᠩᠶᠧᠷᠮ᠎ᠠ -ᠴᠠᠭᠠᠨᠪᠠᠷᠰJyenyerma-TsagaanbarЖенерма-Цагаанбар

2025-11-17

146

ᠵᠧᠩᠶᠧᠷᠮ᠎ᠠ


   ᠴᠠᠭᠠᠨᠪᠠᠷᠰ ᠳᠠᠭᠤᠯᠠᠪᠠ 
   ᠬᠣᠷᠴᠢᠨ ᠠᠷᠠᠳ ᠤ᠋ᠨ ᠳᠠᠭᠤᠤ 


ᠨᠠᠭᠠᠮᠠᠯ ᠬᠤᠸᠠᠷ ᠲᠠᠢ ᠶᠠ ᠤᠭᠤᠲᠠ ᠶ᠋ᠢ ᠪᠡᠨ ᠵᠧᠩᠶᠧᠷᠮ᠎ᠠ 
ᠨᠠᠭᠠᠰᠢ ᠪᠠᠨ ᠥᠭ ᠳᠡ ᠴᠢ ᠮᠢᠨᠢ ᠠ᠋ ᠬᠦᠢ 
ᠨᠠᠷᠠᠬᠠᠨ ᠬᠣᠲᠠᠨ ᠤ᠋ ᠴᠢᠨᠢ ᠤᠪ ᠤᠯᠠᠭᠠᠨ ᠲᠠᠮᠠᠬᠢ ᠶ᠋ᠢ ᠨᠢ 
ᠭᠡᠭᠡ ᠨᠢ ᠨᠢᠭᠡ ᠳ᠋ᠠᠢ ᠤᠤᠭᠤᠵᠤ ᠦᠵᠡᠶ᠎ᠡ ᠬᠦᠢ 
ᠨᠠᠷᠠᠬᠠᠨ ᠬᠣᠲᠠᠨ ᠤ᠋ ᠪᠠᠨ ᠤᠯᠠᠭᠠᠨ ᠤᠯᠠᠭᠠᠬᠠᠨ ᠲᠠᠮᠠᠬᠢ ᠶ᠋ᠢ ᠨᠢ 
ᠤᠤᠭᠤᠭᠠᠳ ᠰᠠᠭᠤᠭᠰᠠᠨ ᠤ᠋ ᠰᠡᠭᠦᠯᠡᠷ ᠠ᠋ ᠬᠦᠢ 
ᠨᠠᠭᠠᠳᠤᠭᠠᠳ ᠰᠠᠭᠤᠵᠤ ᠪᠠᠢᠬᠤ ᠡᠭᠡᠴᠢ ᠳᠡᠭᠦᠦ ᠨᠠᠷ ᠤ᠋ᠨ ᠴᠢᠨᠢ 
ᠬᠡᠯᠡᠯᠴᠡᠭᠡᠳ ᠰᠠᠭᠤᠵᠤ ᠪᠠᠢᠬᠤ ᠦᠭᠡ ᠶ᠋ᠢ ᠨᠢ 
ᠭᠡᠭᠡ ᠨᠢ ᠴᠢᠮ᠎ᠠ ᠳ᠋ᠤ᠌ ᠪᠠᠨ ᠬᠡᠯᠡᠵᠦ ᠥᠭᠭᠦᠶ᠎ᠡ ᠬᠦᠢ 

ᠣᠶᠣᠮᠠᠯ ᠯᠠ ᠬᠤᠸᠠᠷ ᠲᠠᠢ ᠶᠠ ᠤᠭᠤᠲᠠ ᠶ᠋ᠢ ᠪᠡᠨ ᠵᠧᠩᠶᠧᠷᠮ᠎ᠠ
ᠨᠠᠭᠠᠰᠢ ᠪᠠᠨ ᠥᠭ ᠳᠡ ᠴᠢ ᠮᠢᠨᠢ ᠠ᠋ ᠬᠦᠢ
ᠤᠷᠢᠳᠤ ᠰᠢᠦ ᠬᠣᠲᠠᠨ ᠤ᠋ ᠪᠠᠨ ᠤᠪ ᠤᠯᠠᠭᠠᠬᠠᠨ ᠲᠠᠮᠠᠬᠢ ᠶ᠋ᠢ ᠨᠢ
ᠭᠡᠭᠡ ᠨᠢ ᠨᠢᠭᠡ ᠳ᠋ᠠᠢ ᠤᠤᠭᠤᠵᠤ ᠦᠵᠡᠶ᠎ᠡ ᠬᠦᠢ
ᠤᠷᠢᠳᠤ ᠯᠠ ᠬᠣᠲᠠᠨ ᠤ᠋ ᠴᠢᠨᠢ ᠤᠯᠠᠭᠠᠨ ᠤᠯᠠᠭᠠᠬᠠᠨ ᠲᠠᠮᠠᠬᠢ ᠶ᠋ᠢ ᠶᠠ
ᠤᠤᠭᠤᠭᠠᠳ ᠰᠠᠭᠤᠭᠰᠠᠨ ᠤ᠋ ᠰᠡᠭᠦᠯᠡᠷ ᠠ᠋ ᠬᠦᠢ
ᠤᠷᠢᠳᠤ ᠭᠡᠷ ᠦ᠋ᠨ ᠴᠢᠨᠢ ᠡᠭᠡᠴᠢ ᠳᠡᠭᠦᠦ ᠨᠠᠷ ᠤ᠋ᠨ ᠴᠢᠨᠢ
ᠬᠡᠯᠡᠯᠴᠡᠭᠡᠳ ᠰᠠᠭᠤᠵᠤ ᠪᠠᠢᠬᠤ ᠦᠭᠡ ᠶ᠋ᠢ ᠨᠢ ᠠ᠋
ᠭᠡᠭᠡ ᠨᠢ ᠴᠢᠮ᠎ᠠ ᠳ᠋ᠤ᠌ ᠪᠠᠨ ᠬᠡᠯᠡᠵᠦ ᠥᠭᠭᠦᠶ᠎ᠡ ᠳᠡ ᠬᠦᠢ


ᠨᠠᠭᠠᠮᠠᠯ ᠬᠤᠸᠠᠷ ᠲᠠᠢ ᠶᠠ ᠤᠭᠤᠲᠠ ᠶᠤᠮ ᠠ᠋ ᠠ ᠭᠡ ᠭᠡ
ᠨᠠᠭᠠᠲᠠᠢ ᠲᠠᠯ᠎ᠠ ᠳ᠋ᠤ᠌ ᠴᠢᠨᠢ ᠪᠠᠢᠬᠤ ᠦᠭᠡᠢ ᠶᠠ ᠬᠦᠢ
ᠨᠠᠷᠠᠬᠠᠨ ᠬᠣᠲᠠᠨ ᠤ᠋ ᠮᠢᠨᠢ ᠤᠪ ᠯᠠ ᠤᠯᠠᠭᠠᠬᠠᠨ ᠲᠠᠮᠠᠬᠢ ᠶ᠋ᠢ ᠶᠠ
ᠨᠠᠭᠤᠢ ᠬᠡᠳᠦᠨ ᠳ᠋ᠠᠢ ᠤᠤᠭᠤᠴᠢᠬᠠᠶ᠎ᠠ ᠬᠦᠢ
ᠨᠠᠷᠠᠬᠠᠨ ᠬᠣᠲᠠᠨ ᠤ᠋ ᠬᠢᠨᠢ ᠤᠪ ᠯᠠ ᠤᠯᠠᠭᠠᠬᠠᠨ ᠲᠠᠮᠠᠬᠢ ᠶ᠋ᠢ ᠶᠠ
ᠨᠠᠭᠤᠢ ᠤᠤᠭᠤᠭᠰᠠᠨ ᠤ᠋ ᠰᠡᠭᠦᠯᠡᠷ ᠠ᠋ ᠬᠦᠢ
ᠨᠠᠭᠠᠳᠤᠮ ᠢ᠋ᠶ᠋ᠠᠷ ᠬᠡᠯᠡᠭᠡᠳ ᠲᠡᠭᠡᠭᠰᠡᠨ
ᠴᠢᠨᠦ ᠬᠡᠳᠦᠨ ᠦᠭᠡ ᠶ᠋ᠢ ᠳᠡ
ᠨᠠᠮ᠎ᠠ ᠳ᠋ᠤ᠌ ᠬᠡᠯᠡᠭᠡᠳ ᠥᠭᠬᠦ ᠦᠭᠡᠢ ᠶᠠ ᠬᠦᠢ

ᠨᠠᠭᠠᠮᠠᠯ ᠬᠤᠸᠠᠷ ᠲᠠᠢ ᠶᠠ ᠤᠭᠤᠲᠠ ᠯᠠ ᠶᠤᠮ ᠠ᠋ ᠠ ᠭᠡ ᠭᠡ
ᠨᠠᠭᠠᠲᠠᠢ ᠲᠠᠯ᠎ᠠ ᠳ᠋ᠤ᠌ ᠴᠢᠨᠢ ᠪᠠᠢᠬᠤ ᠦᠭᠡᠢ ᠤᠤ ᠳᠠ ᠬᠦᠢ
ᠨᠠᠷᠠᠬᠠᠨ ᠬᠣᠲᠠᠨ ᠤ᠋ ᠮᠢᠨᠢ ᠤᠪ ᠯᠠ ᠤᠯᠠᠭᠠᠬᠠᠨ ᠲᠠᠮᠠᠬᠢ ᠶ᠋ᠢ ᠳᠡ
ᠨᠠᠭᠤᠢ ᠬᠡᠳᠦᠨ ᠳ᠋ᠠᠢ ᠤᠤᠭᠤᠴᠢᠬᠠᠶ᠎ᠠ ᠶᠠ ᠬᠦᠢ
ᠨᠠᠷᠠᠬᠠᠨ ᠬᠣᠲᠠᠨ ᠤ᠋ ᠶᠠ ᠤᠪ ᠯᠠ ᠤᠯᠠᠭᠠᠬᠠᠨ ᠲᠠᠮᠠᠬᠢ ᠶ᠋ᠢ ᠳᠡ
ᠨᠠᠭᠤᠢ ᠤᠤᠭᠤᠭᠰᠠᠨ ᠤ᠋ ᠰᠡᠭᠦᠯᠡᠷ ᠠ᠋ ᠬᠦᠢ
ᠨᠠᠭᠠᠳᠤᠮ ᠢ᠋ᠶ᠋ᠠᠷ ᠬᠡᠯᠡᠭᠡᠳ ᠲᠡᠭᠡᠭᠰᠡᠨ
ᠴᠢᠨᠦ ᠬᠡᠳᠦᠨ ᠦᠭᠡ ᠶ᠋ᠢ ᠪᠡᠨ
ᠨᠠᠮ᠎ᠠ ᠳ᠋ᠤᠷ ᠬᠡᠯᠡᠭᠡᠳ ᠦᠭᠡᠢ ᠤᠤ ᠶᠠ ᠬᠦᠢ

ᠣᠶᠣᠮᠠᠯ ᠯᠠ ᠬᠤᠸᠠᠷ ᠲᠠᠢ ᠶᠠ ᠤᠭᠤᠲᠠ ᠯᠠ ᠶᠤᠮ ᠬᠦᠢ ᠠ ᠭᠡ ᠭᠡ
ᠤᠷᠢᠳᠤ ᠲᠠᠯ᠎ᠠ ᠳ᠋ᠤ᠌ ᠴᠢᠨᠢ ᠪᠠᠢᠬᠤ ᠦᠭᠡᠢ ᠤᠤ ᠳᠠ ᠬᠦᠢ
ᠤᠷᠢᠳᠤ ᠰᠢᠦ ᠬᠣᠲᠠᠨ ᠤ᠋ ᠮᠢᠨᠢ ᠤᠪ ᠤᠯᠠᠭᠠᠬᠠᠨ ᠤᠯᠠᠭᠠᠨ ᠲᠠᠮᠠᠬᠢ ᠶ᠋ᠢ ᠶᠠ
ᠤᠷᠢᠲᠠᠵᠤ ᠬᠡᠳᠦᠨ ᠳ᠋ᠠᠢ ᠤᠤᠭᠤᠬᠤ ᠶ᠋ᠢ ᠶᠠ ᠬᠦᠢ
ᠤᠷᠢᠳᠤ ᠰᠢᠦ ᠬᠣᠲᠠᠨ ᠤ᠋ ᠮᠢᠨᠢ ᠤᠪ ᠯᠠ ᠤᠯᠠᠭᠠᠬᠠᠨ ᠲᠠᠮᠠᠬᠢ ᠶ᠋ᠢ ᠶᠠ
ᠤᠤᠭᠤᠭᠠᠳ ᠰᠠᠭᠤᠭᠰᠠᠨ ᠤ᠋ ᠰᠡᠭᠦᠯᠡᠷ ᠠ᠋ ᠬᠦᠢ
ᠤᠷᠢᠳᠤ ᠬᠣᠢᠲᠤ ᠭᠡᠷ ᠦ᠋ᠨ ᠡᠭᠡᠴᠢ ᠳᠡᠭᠦᠦ ᠨᠠᠷ ᠤ᠋ᠨ
ᠬᠡᠯᠡᠯᠴᠡᠵᠦ ᠪᠠᠢᠭ᠎ᠠ ᠦᠭᠡ ᠶ᠋ᠢ ᠠ᠋
ᠤᠷᠠᠯᠢᠭ ᠨᠠᠮ᠎ᠠ ᠳ᠋ᠤ᠌ ᠪᠠᠨ ᠬᠡᠯᠡᠬᠦ ᠦᠭᠡᠢ ᠶᠠ ᠬᠦᠢ


ᠰᠠᠭᠠᠷᠠᠯ ᠪᠣᠯᠳ ᠴᠠᠭᠠᠨ ᠬᠣᠶᠠᠷ ᠢ᠋ᠶ᠋ᠠᠨ ᠲᠠᠨᠢᠵᠤ ᠣᠯᠬᠤ ᠦᠭᠡᠢ ᠬᠥᠮᠦᠨ ᠴᠢᠨᠢ ᠠ᠋
ᠬᠠᠷᠠᠩ ᠯᠠ ᠬᠥᠮᠦᠨ ᠦ᠌ ᠶᠠᠪᠤᠳᠠᠯ ᠰᠢᠦ ᠬᠦᠢ
ᠬᠠᠢᠷᠠᠯᠠᠭᠠᠳ ᠯᠠ ᠰᠠᠨᠠᠬᠤ ᠶ᠋ᠢ ᠮᠡᠳᠡᠵᠦ ᠣᠯᠬᠤ ᠦᠭᠡᠢ ᠭᠡᠳᠡᠭ ᠳᠡ
ᠬᠠᠷᠭᠢᠰ ᠬᠥᠮᠦᠨ ᠦ᠌ ᠪᠣᠳᠣᠯ ᠢ᠋ ᠠ᠋ ᠬᠦᠢ
ᠬᠠᠷᠭᠢᠰ ᠤ᠋ᠨ ᠵᠤᠯᠵᠠᠭ᠎ᠠ ᠠ ᠶᠠᠩ ᠲᠠᠢᠫᠢᠩ ᠬᠡ ᠬᠡ ᠲᠡᠢ
ᠬᠡᠯᠡᠯᠴᠡᠵᠦ ᠪᠠᠢᠨ᠎ᠠ ᠭᠡᠨ᠎ᠡ ᠪᠡᠶ᠎ᠡ ᠮᠢᠨᠢ ᠠ᠋ ᠬᠦᠢ
ᠬᠣᠪᠢᠨ ᠤ᠋ ᠰᠢᠦ ᠪᠡᠶ᠎ᠡ ᠵᠧᠩᠶᠧᠷᠮ᠎ᠠ ᠴᠢᠮ᠎ᠠ ᠶ᠋ᠢ
ᠬᠣᠵᠢᠮ ᠳ᠋ᠤ᠌ ᠪᠠᠨ ᠬᠠᠶᠠᠭᠠᠳ ᠶᠠᠪᠤᠴᠢᠬᠠᠶ᠎ᠠ ᠬᠦᠢ

ᠬᠠᠷ᠎ᠠ ᠯᠠ ᠪᠣᠯᠤᠨ ᠴᠠᠭᠠᠨ ᠬᠣᠶᠠᠷ ᠢ᠋ᠶ᠋ᠠᠨ ᠢᠯᠭᠠᠵᠤ ᠣᠯᠬᠤ ᠦᠭᠡᠢ ᠭᠡᠳᠡᠭ ᠳᠡ
ᠬᠠᠷᠠᠩ ᠯᠠ ᠬᠥᠮᠦᠨ ᠦ᠌ ᠶᠠᠪᠤᠳᠠᠯ ᠠ ᠬᠦᠢ
ᠬᠠᠢᠷᠠᠯᠠᠭᠠᠳ ᠯᠠ ᠰᠠᠨᠠᠵᠤ ᠪᠠᠢᠬᠤ ᠶ᠋ᠢ ᠮᠡᠳᠡᠵᠦ ᠣᠯᠬᠤ ᠦᠭᠡᠢ ᠭᠡᠳᠡᠭ ᠳᠡ
ᠬᠠᠷᠭᠢᠰ ᠬᠥᠮᠦᠨ ᠦ᠌ ᠪᠣᠳᠣᠯᠭ᠎ᠠ ᠶᠠ ᠬᠦᠢ
ᠬᠣᠢᠲᠤ ᠯᠠ ᠠᠢᠯ ᠤ᠋ᠨ ᠶᠠᠩ ᠲᠠᠢᠫᠢᠩ ᠬᠡ ᠬᠡ ᠶ᠋ᠢ
ᠬᠠᠢᠷᠠᠯᠠᠵᠤ ᠭᠡᠨ᠎ᠡ ᠤᠤ? ᠵᠧᠩᠶᠧᠷᠮ᠎ᠠ ᠬᠦᠢ
ᠬᠠᠢᠷ᠎ᠠ ᠶ᠋ᠢᠨ ᠮᠢᠨᠢ ᠰᠡᠳᠬᠢᠯ ᠢ᠋ ᠮᠢᠨᠢ ᠮᠡᠳᠡᠬᠦ ᠦᠭᠡᠢ ᠯᠠᠢ ᠪᠣᠯᠪᠠᠯ ᠠ
ᠬᠤᠪᠢ ᠶ᠋ᠢ ᠪᠡᠨ ᠬᠥᠭᠡᠭᠡᠭᠡᠳ ᠶᠠᠪᠤᠵᠤ ᠥᠭᠭᠦᠶ᠎ᠡ ᠠ᠋ ᠬᠦᠢ

ᠴᠠᠭᠠᠨ ᠶᠠᠭᠠᠨ ᠢ᠋ ᠳᠡ ᠢᠯᠭᠠᠵᠤ ᠣᠯᠬᠤ ᠦᠭᠡᠢ ᠭᠡᠳᠡᠭ ᠳᠡ
ᠰᠣᠬᠣᠷ ᠬᠥᠮᠦᠨ ᠦ᠌ ᠶᠠᠪᠤᠳᠠᠯ ᠠ ᠬᠦᠢ
ᠰᠠᠷᠠᠭᠤᠯ ᠰᠠᠢᠬᠠᠨ ᠢ᠋ᠶ᠋ᠠᠷ ᠰᠠᠨᠠᠵᠤ ᠪᠣᠳᠣᠬᠤ ᠶ᠋ᠢ ᠮᠡᠳᠡᠬᠦ ᠦᠭᠡᠢ ᠳᠡ
ᠴᠠᠯᠴᠢᠶ᠎ᠠ ᠬᠥᠮᠦᠨ ᠦ᠌ ᠪᠣᠳᠣᠯ ᠢ᠋ ᠠ᠋ ᠬᠦᠢ
ᠴᠠᠭᠠᠲᠠᠢ ᠠᠢᠯ ᠤ᠋ᠨ ᠶᠠᠩ ᠲᠠᠢᠫᠢᠩ ᠬᠡ ᠬᠡ ᠲᠡᠢ ᠪᠡᠨ
ᠴᠠᠷᠢᠭᠤᠨ ᠪᠣᠯᠵᠠᠢ ᠪᠡᠶ᠎ᠡ ᠮᠢᠨᠢ ᠠ᠋ ᠬᠦᠢ
ᠴᠠᠭᠠᠬᠠᠨ ᠰᠡᠳᠬᠢᠯ ᠲᠡᠢ ᠥᠪᠡᠷ ᠦ᠋ᠨ ᠮᠥᠨ ᠨᠢᠭᠡ ᠪᠡᠶ᠎ᠡ ᠮᠢᠨᠢ ᠠ᠋
ᠴᠠᠭᠠᠰᠢ ᠪᠠᠨ ᠵᠠᠢᠯᠠᠭᠠᠳ ᠥᠭᠴᠢᠬᠡᠶ᠎ᠡ ᠬᠦᠢ

ᠤᠷᠢᠳᠤ ᠶᠠ ᠵᠦᠭ ᠡᠴᠡ ᠪᠡᠨ ᠤᠷᠪᠠᠯᠵᠠᠭᠠᠳ ᠨᠢᠰᠬᠦ ᠡᠴᠡ ᠠ
ᠤᠯᠠᠭᠠᠨ ᠭᠠᠯᠠᠭᠤᠨ ᠤ᠋ ᠵᠤᠯᠵᠠᠭ᠎ᠠ ᠠ᠋ ᠬᠦᠢ
ᠡᠭᠦᠷ ᠦ᠋ᠨ ᠢ᠋ᠶ᠋ᠡᠨ ᠥᠨᠳᠡᠭᠡ ᠪᠡᠨ ᠡᠪᠳᠡᠯᠡᠵᠦ ᠪᠠᠢᠭᠠᠳ ᠢᠳᠡᠬᠦ ᠴᠢᠨᠢ
ᠦᠵᠡᠯ ᠨᠢ ᠪᠤᠷᠤᠭᠤ ᠠᠮᠢᠲᠠᠨ ᠠ ᠬᠦᠢ
ᠦᠨᠡᠨ ᠰᠡᠳᠬᠢᠯ ᠢ᠋ᠶ᠋ᠡᠨ ᠥᠪᠡᠷ ᠮᠠᠭᠤ ᠪᠠᠷ ᠰᠠᠨᠠᠬᠤ ᠪᠠᠷ
ᠥᠪᠡᠷᠴᠢᠯᠡᠵᠦ ᠰᠠᠨᠠᠭᠠᠳ ᠯᠠ ᠪᠠᠢᠲᠠᠯ᠎ᠠ ᠠ
ᠡᠪᠳᠡᠷᠭᠡᠨ ᠪᠣᠯᠭᠠᠭᠠᠳ ᠬᠡᠯᠡᠯᠴᠡᠵᠦ ᠰᠠᠭᠤᠵᠤ ᠪᠠᠢᠬᠤ ᠤᠯᠤᠰ ᠤ᠋ᠳ ᠳᠠ
ᠦᠵᠡᠯ ᠨᠢ ᠪᠤᠷᠤᠭᠤ ᠤᠯᠤᠰ ᠢ᠋ ᠶᠠ ᠬᠦᠢ

ᠬᠣᠢᠲᠤ ᠵᠦᠭ ᠡᠴᠡ ᠪᠡᠨ ᠬᠠᠯᠢᠭᠠᠳ ᠯᠠ ᠨᠢᠰᠬᠦ ᠡᠴᠡ ᠠ᠋
ᠬᠠᠯᠢᠭᠤᠨ ᠭᠠᠯᠠᠭᠤᠨ ᠵᠤᠯᠵᠠᠭ᠎ᠠ ᠠ᠋ ᠬᠦᠢ
ᠬᠤᠪᠢᠲᠠᠢ ᠰᠢᠦ ᠥᠨᠳᠡᠭᠡ ᠪᠡᠨ ᠬᠠᠭᠠᠯᠵᠤ ᠪᠠᠢᠭᠠᠳ ᠢᠳᠡᠬᠦ ᠳᠡ
ᠴᠢᠳᠠᠯ ᠢ᠋ᠶ᠋ᠠᠷ ᠮᠠᠭᠤᠲᠠᠢ ᠠᠮᠢᠲᠠᠨ ᠢ᠋ ᠶᠠ ᠬᠦᠢ
ᠬᠠᠢᠷᠠᠯᠠᠵᠤ ᠰᠠᠨᠠᠭᠠᠳ ᠯᠠ ᠬᠣᠪᠢᠨ ᠤ᠋ ᠪᠠᠨ ᠭᠡᠵᠦ ᠪᠠᠢᠨ᠎ᠠ ᠠ
ᠬᠣᠪᠢᠨ ᠤ᠋ ᠪᠡᠶ᠎ᠡ ᠮᠢᠨᠢ ᠪᠣᠳᠣᠵᠤ ᠪᠠᠢᠬᠤ ᠯᠠᠢ ᠬᠦᠢ
ᠬᠣᠪᠢᠨ ᠤ᠋ ᠪᠠᠨ ᠪᠣᠯᠭᠠᠭᠠᠳ ᠬᠡᠯᠡᠯᠴᠡᠵᠦ ᠰᠠᠭᠤᠵᠤ ᠪᠠᠢᠬᠤ ᠤᠯᠤᠰ ᠤ᠋ᠳ ᠳᠠ
ᠴᠢᠳᠠᠯ ᠢ᠋ᠶ᠋ᠠᠷ ᠮᠠᠭᠤᠬᠠᠢ ᠤᠯᠤᠰ ᠢ᠋ ᠶᠠ ᠬᠦᠢ

  ᠦᠰᠦᠭ ᠠᠮᠢᠯᠠᠭᠤᠯᠤᠭᠰᠠᠨ ᠨᠢ᠄ ᠭᠠᠸᠠ
  ᠦᠰᠦᠭ ᠬᠠᠲᠠᠭᠰᠠᠨ ᠨᠢ ᠄ ᠭᠠᠸᠠ
  ᠪᠢᠴᠢᠯᠭᠡ ᠶ᠋ᠢᠨ ᠵᠢᠷᠤᠭ ᠢ᠋ ᠥᠪᠥᠷ ᠮᠣᠩᠭᠣᠯ ᠤ᠋ᠨ ᠵᠢᠷᠤᠭᠲᠤ ᠰᠡᠳᠬᠦᠯ ᠡᠴᠡ ᠬᠠᠭᠤᠯᠪᠠ
  ᠬᠢᠨᠠᠭᠴᠢ ᠄ ᠴᠢᠨᠳᠠᠮᠤᠨᠢ