ᠰᠠᠳᠤᠨ ᠲᠥᠷᠥᠯ ᠦ᠋ᠨ ᠳᠠᠭᠤᠤ-ᠫ· ᠪᠦᠷᠢᠡᠳᠤᠬᠦᠰ ᠠᠨᠠᠷSadan törliin duu-P·Bürndüüs AnarСадан төрлийн дуу-П·Бүрндүүс Анар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠳᠤᠨ ᠲᠥᠷᠥᠯ ᠦ᠋ᠨ ᠳᠠᠭᠤᠤ-ᠫ· ᠪᠦᠷᠢᠡᠳᠤᠬᠦᠰ ᠠᠨᠠᠷSadan törliin duu-P·Bürndüüs AnarСадан төрлийн дуу-П·Бүрндүүс Анар

ᠰᠠᠳᠤᠨ ᠲᠥᠷᠥᠯ ᠦ᠋ᠨ ᠳᠠᠭᠤᠤ-ᠫ· ᠪᠦᠷᠢᠡᠳᠤᠬᠦᠰ ᠠᠨᠠᠷSadan törliin duu-P·Bürndüüs AnarСадан төрлийн дуу-П·Бүрндүүс Анар

ᠠᠩᠭᠢᠯᠠᠯ:ᠳᠠᠭᠤᠤ ᠬᠥᠭᠵᠢᠮ
2025-11-17

334

ᠰᠠᠳᠤᠨ ᠲᠥᠷᠥᠯ ᠦ᠋ᠨ ᠳᠠᠭᠤᠤ


      ᠦᠭᠡ᠄ ᠰ· ᠦᠯᠵᠠᠢᠵᠢᠷᠭᠠᠯ 
      ᠠᠶ᠎ᠠ᠄ ᠤᠷᠳᠤᠨᠠᠰᠤᠨ 
      ᠳᠠᠭᠤᠴᠢᠨ᠄ ᠫ· ᠪᠦᠷᠢᠡᠳᠤᠬᠦᠰ   ᠠᠨᠠᠷ 
ᠬᠥᠮᠦᠨ ᠦ᠌ ᠡᠬᠢ ᠨᠢ ᠪᠣᠯᠤᠭᠰᠠᠨ 
ᠡᠵᠢ ᠶ᠋ᠢᠨ ᠲᠥᠷᠥᠯ ᠨᠠᠭᠠᠴᠤ ᠨᠠᠷ ᠮᠢᠨᠢ 
ᠬᠦᠨᠳᠦᠯᠡᠭᠳᠡᠬᠦ ᠶ᠋ᠢᠨ ᠶᠡᠬᠡ ᠨᠢ ᠪᠣᠯᠤᠭᠰᠠᠨ 
ᠠᠪᠤ ᠶ᠋ᠢᠨ ᠲᠥᠷᠥᠯ ᠠᠪᠠᠭ᠎ᠠ ᠨᠠᠷ ᠮᠢᠨᠢ 
ᠰᠠᠳᠤᠨ ᠲᠥᠷᠥᠯ ᠪᠦᠭᠦᠳᠡᠭᠡᠷ ᠢ᠋ᠶ᠋ᠡᠨ 
ᠰᠠᠢᠨ ᠰᠠᠢᠬᠠᠨ ᠶᠠᠪᠤᠭᠠᠷᠠᠢ 
ᠰᠠᠨᠠᠨ ᠳᠤᠷᠠᠰᠤᠨ ᠵᠤᠯᠭᠠᠯᠴᠠᠭᠠᠳ 
ᠰᠠᠭᠠᠲᠠᠨ ᠥᠨᠵᠢᠨ ᠵᠢᠷᠭᠠᠭᠠᠷᠠᠢ 

ᠠᠪᠤ ᠡᠵᠢ ᠶ᠋ᠢᠨ ᠡᠩ ᠲᠡᠢ 
ᠠᠴᠢᠲᠤ ᠠᠬ᠎ᠠ ᠡᠭᠡᠴᠢ ᠨᠠᠷ ᠮᠢᠨᠢ
ᠠᠯᠠᠭ ᠦᠷ᠎ᠡ ᠶ᠋ᠢᠨ ᠵᠦᠩ ᠲᠡᠢ
ᠠᠮᠢᠨ ᠬᠠᠢᠷᠠᠲᠠᠢ ᠳᠡᠭᠦᠦ ᠨᠠᠷ ᠮᠢᠨᠢ
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠲᠠᠨ ᠥᠨᠵᠢᠨ ᠵᠢᠷᠭᠠᠭᠠᠷᠠᠢ

ᠲᠩᠷᠢ ᠶ᠋ᠢᠨ ᠠᠯᠲᠠᠨ ᠣᠳᠣᠳ ᠰᠢᠭ᠋
ᠲᠦᠭᠡᠵᠦ ᠲᠠᠷᠬᠠᠭᠰᠠᠨ ᠵᠢᠭᠡ ᠨᠠᠷ ᠮᠢᠨᠢ
ᠳᠡᠯᠡᠬᠡᠢ ᠶ᠋ᠢᠨ ᠽᠠᠨᠳᠠᠨ ᠮᠣᠳᠣᠳ ᠰᠢᠭ᠋
ᠳᠡᠯᠭᠡᠷᠡᠵᠦ ᠨᠠᠢᠭᠤᠭᠰᠠᠨ ᠠᠴᠢ ᠨᠠᠷ ᠮᠢᠨᠢ
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠲᠠᠨ ᠥᠨᠵᠢᠨ ᠵᠢᠷᠭᠠᠭᠠᠷᠠᠢ

ᠬᠠᠢᠷᠠᠲᠠᠢ ᠬᠠᠨᠢ ᠶ᠋ᠢ ᠮᠢᠨᠢ ᠲᠥᠷᠥᠭᠦᠯᠦᠭᠰᠡᠨ
ᠬᠠᠳᠠᠮ ᠤ᠋ᠨ ᠬᠠᠯᠠᠭᠤᠨ ᠤᠷᠤᠭ ᠤ᠋ᠳ ᠮᠢᠨᠢ
ᠬᠦᠦ ᠬᠡᠦᠬᠡᠨ ᠢ᠋ ᠮᠢᠨᠢ ᠡᠩᠬᠦᠷᠡᠢᠯᠡᠭᠰᠡᠨ
ᠬᠦᠨᠳᠦᠲᠦ ᠬᠣᠲᠠ ᠬᠤᠳᠠᠭᠠᠢ ᠨᠠᠷ ᠮᠢᠨᠢ
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠲᠠᠨ ᠥᠨᠵᠢᠨ ᠵᠢᠷᠭᠠᠭᠠᠷᠠᠢ

ᠬᠠᠭᠠᠨ ᠲᠩᠷᠢ ᠰᠢᠲᠦᠭᠡᠨ ᠲᠡᠢ
ᠵᠠᠶᠠᠭ᠎ᠠ ᠨᠢᠭᠡᠲᠡᠢ ᠲᠦᠮᠡᠨ ᠮᠢᠨᠢ
ᠬᠠᠲᠤᠨ ᠳᠡᠯᠡᠬᠡᠢ ᠨᠤᠲᠤᠭ ᠲᠠᠢ
ᠰᠠᠨᠠᠭ᠎ᠠ ᠨᠢᠭᠡᠲᠡᠢ ᠬᠥᠮᠦᠰ ᠮᠢᠨᠢ
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠲᠠᠨ ᠥᠨᠵᠢᠨ ᠵᠢᠷᠭᠠᠭᠠᠷᠠᠢ
ᠰᠠᠭᠠᠲᠠᠨ ᠥᠨᠵᠢᠨ ᠵᠢᠷᠭᠠᠭᠠᠷᠠᠢ

   ᠦᠰᠦᠭ ᠠᠮᠢᠯᠠᠭᠤᠯᠤᠭᠴᠢ᠄ ᠰᠠᠴᠠᠡᠭᠡᠷᠠᠯ
   ᠬᠢᠨᠠᠭᠴᠢ ᠪᠠᠭᠰᠢ᠄ ᠠᠯᠳᠡᠨᠴᠡᠴᠩ