ᠰᠠᠢᠬᠠᠨ ᠮᠣᠩᠭᠣᠯ ᠮᠣᠷᠢ -ᠬᠠᠯᠢᠨSaikhan mongol mori-KhalinСайхан монгол морь-Халин
ᠰᠠᠢᠬᠠᠨ ᠮᠣᠩᠭᠣᠯ ᠮᠣᠷᠢ
ᠦᠭᠡ᠄ ᠯ· ᠳᠠᠪᠬᠠᠳᠣᠷᠵᠢ
ᠠᠶ᠎ᠠ᠄ ᠫ· ᠫᠦᠷᠪᠦᠰᠦ᠋ᠷᠦᠩ
ᠳᠠᠭᠤᠴᠢᠨ᠄ ᠬᠠᠯᠢᠨ
ᠠᠭᠤᠯᠠ ᠶ᠋ᠢᠨ ᠰᠠᠢᠬᠠᠨ ᠵᠣ ᠳ᠋ᠤ᠌ ᠨᠢ
ᠨᠠᠷᠠᠨ ᠤ᠋ ᠲᠤᠶᠠᠭ᠎ᠠ ᠰᠣᠯᠣᠩᠭᠠᠷᠠᠭᠰᠠᠨ
ᠨᠠᠪᠴᠢᠲᠤ ᠰᠠᠢᠬᠠᠨ ᠲᠠᠯ᠎ᠠ ᠳ᠋ᠤ᠌ ᠨᠢ
ᠰᠠᠯᠬᠢ ᠢᠰᠬᠡᠷᠦᠭᠦᠯᠦᠨ ᠨᠠᠭᠠᠳᠤᠭᠰᠠᠨ
ᠰᠠᠢᠬᠠᠨ ᠮᠣᠩᠭᠣᠯ ᠮᠣᠷᠢ ᠮᠢᠨᠢ᠂
ᠰᠠᠢᠬᠠᠨ ᠮᠣᠩᠭᠣᠯ ᠮᠣᠷᠢ ᠮᠢᠨᠢ
ᠰᠠᠢᠬᠠᠨ ᠮᠣᠩᠭᠣᠯ ᠮᠣᠷᠢ ᠮᠢᠨᠢ·
ᠰᠠᠢᠬᠠᠨ ᠮᠣᠩᠭᠣᠯ ᠮᠣᠷᠢ ᠮᠢᠨᠢ
ᠵᠡᠭᠡᠷ᠎ᠡ ᠶ᠋ᠢ ᠭᠦᠢᠴᠡᠮᠡ ᠬᠤᠷᠳᠤ ᠪᠠᠷ ᠢ᠋ᠶ᠋ᠠᠨ
ᠬᠡᠭᠡᠷ᠎ᠡ ᠲᠠᠯ᠎ᠠ ᠶ᠋ᠢ ᠲᠤᠭᠤᠯᠬᠤ ᠳ᠋ᠤ᠌ ᠪᠠᠨ
ᠤᠨᠠᠭᠠᠨ ᠪᠠᠭ᠎ᠠ ᠠ᠋ᠴᠠ ᠪᠠᠨ ᠬᠣᠯᠠ ᠶᠠᠪᠤᠭᠰᠠᠨ ᠴᠤ᠌
ᠤᠨᠠᠭᠰᠠᠨ ᠨᠤᠲᠤᠭ ᠲᠤ᠌ ᠪᠠᠨ ᠡᠷᠭᠢᠭᠡᠳ ᠢᠷᠡᠭᠰᠡᠨ
ᠰᠠᠢᠬᠠᠨ ᠮᠣᠩᠭᠣᠯ ᠮᠣᠷᠢ ᠮᠢᠨᠢ᠂
ᠰᠠᠢᠬᠠᠨ ᠮᠣᠩᠭᠣᠯ ᠮᠣᠷᠢ ᠮᠢᠨᠢ
ᠰᠠᠢᠬᠠᠨ ᠮᠣᠩᠭᠣᠯ ᠮᠣᠷᠢ ᠮᠢᠨᠢ᠂
ᠰᠠᠢᠬᠠᠨ ᠮᠣᠩᠭᠣᠯ ᠮᠣᠷᠢ ᠮᠢᠨᠢ
ᠲᠡᠢᠨ ᠦ᠌ ᠲᠠᠯᠠᠪᠤᠷ ᠲᠤ᠌ ᠡᠨᠳᠡᠭᠰᠡᠨ ᠡᠵᠡᠨ ᠢ᠋ᠶ᠋ᠡᠨ
ᠳᠠᠢᠰᠤᠨ ᠤ᠋ ᠰᠠᠪᠠᠷ ᠲᠤ᠌ ᠠᠯᠳᠠᠭ᠎ᠠ ᠦᠭᠡᠢ
ᠳᠠᠢᠴᠢᠨ ᠨᠥᠬᠥᠳ ᠦ᠋ᠨ ᠢ᠋ᠶ᠋ᠡᠨ ᠬᠡᠭᠦᠷ ᠢ᠋ ᠰᠠᠬᠢᠨ
ᠨᠢᠯᠪᠤᠰᠤ ᠪᠥᠮᠪᠥᠷᠢᠭᠦᠯᠦᠨ ᠵᠣᠭᠰᠣᠵᠤ ᠪᠠᠢᠭᠰᠠᠨ
ᠰᠠᠢᠬᠠᠨ ᠮᠣᠩᠭᠣᠯ ᠮᠣᠷᠢ ᠮᠢᠨᠢ᠂
ᠰᠠᠢᠬᠠᠨ ᠮᠣᠩᠭᠣᠯ ᠮᠣᠷᠢ ᠮᠢᠨᠢ
ᠰᠠᠢᠬᠠᠨ ᠮᠣᠩᠭᠣᠯ ᠮᠣᠷᠢ ᠮᠢᠨᠢ᠂ .
ᠰᠠᠢᠬᠠᠨ ᠮᠣᠩᠭᠣᠯ ᠮᠣᠷᠢ ᠮᠢᠨᠢ
ᠰᠠᠢᠬᠠᠨ ᠮᠣᠩᠭᠣᠯ ᠮᠣᠷᠢ ᠮᠢᠨᠢ᠂
ᠰᠠᠢᠬᠠᠨ ᠮᠣᠩᠭᠣᠯ ᠮᠣᠷᠢ ᠮᠢᠨᠢ
ᠰᠠᠢᠬᠠᠨ ᠮᠣᠩᠭᠣᠯ ᠮᠣᠷᠢ ᠮᠢᠨᠢ᠂
ᠰᠠᠢᠬᠠᠨ ᠮᠣᠩᠭᠣᠯ ᠮᠣᠷᠢ ᠮᠢᠨᠢ
ᠦᠰᠦᠭ ᠠᠮᠢᠯᠠᠭᠤᠯᠵᠤ ᠬᠠᠲᠠᠭᠰᠠᠨ ᠨᠢ᠄ ᠪᠦᠷᠢᠨᠵᠢᠷᠭᠠᠯ
