ᠬᠠᠩᠭᠢᠨ ᠮᠢᠨᠢ- ᠲᠤᠶᠠᠭ᠎ᠠ᠂ ᠴᠡᠭᠡᠯ Khangin mini-Tuyaa,TseelХангин минь-Туяа,Цээл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠩᠭᠢᠨ ᠮᠢᠨᠢ- ᠲᠤᠶᠠᠭ᠎ᠠ᠂ ᠴᠡᠭᠡᠯ Khangin mini-Tuyaa,TseelХангин минь-Туяа,Цээл

ᠬᠠᠩᠭᠢᠨ ᠮᠢᠨᠢ- ᠲᠤᠶᠠᠭ᠎ᠠ᠂ ᠴᠡᠭᠡᠯ Khangin mini-Tuyaa,TseelХангин минь-Туяа,Цээл

ᠠᠩᠭᠢᠯᠠᠯ:ᠳᠠᠭᠤᠤ ᠬᠥᠭᠵᠢᠮ
2025-11-15

414

ᠬᠠᠩᠭᠢᠨ ᠮᠢᠨᠢ 

 
 ᠦᠭᠡ᠄ ᠬᠥᠭᠵᠢᠯᠲᠦ 
 ᠠᠶ᠎ᠠ᠄ ᠲᠡᠮᠦᠷᠪᠠᠲᠤ 
 ᠲᠤᠶᠠᠭ᠎ᠠ᠂ ᠴᠡᠭᠡᠯ ᠳᠠᠭᠤᠯᠠᠨ᠎ᠠ 
 
ᠬᠠᠨᠠᠭᠠᠷ ᠠᠭᠤᠳᠠᠮ ᠲᠠᠯ᠎ᠠ ᠮᠢᠨᠢ 
ᠬᠠᠩᠭᠠᠢ ᠲᠡᠷᠭᠡᠨ ᠤ᠋ ᠳᠣᠮᠣᠭ ᠲᠠᠢ ᠶᠤᠮ 
ᠬᠠᠷ᠎ᠠ ᠮᠠᠩᠨᠠᠢ ᠶ᠋ᠢᠨ ᠳᠠᠪᠤᠰᠤ ᠨᠢ
ᠬᠠᠭᠠᠨ ᠲᠥᠷᠥ  ᠳ᠋ᠡᠭᠡᠨ ᠲᠡᠮᠳᠡᠭᠯᠡᠯ ᠲᠡᠢ ᠶᠤᠮ᠃
ᠰᠢᠷ᠎ᠠ ᠲᠡᠮᠡᠭᠡᠲᠦ ᠶ᠋ᠢᠨ ᠰᠦᠮ᠎ᠡ ᠮᠢᠨᠢ 
ᠰᠢᠷ᠎ᠠ ᠶ᠋ᠢᠨ ᠱᠠᠰᠢᠨ ᠤ᠋ ᠰᠢᠲᠦᠭᠡᠨ ᠲᠡᠢ ᠶᠤᠮ 
ᠰᠢᠯᠢᠷᠬᠡᠭ ᠰᠠᠶ᠋ᠢᠬᠠᠨ ᠲᠠᠯ᠎ᠠ ᠳ᠋ᠤ᠌ ᠨᠢ
ᠰᠢᠬᠢᠷ ᠡᠪᠡᠰᠦᠨ ᠤ᠋ ᠭᠠᠷᠤᠯᠲᠠ ᠲᠠᠢ ᠶᠤᠮ᠃
    ᠡᠨᠡ ᠪᠣᠯ ᠬᠠᠩᠭᠢᠨ ᠨᠤᠲᠤᠭ
    ᠡᠩᠬᠡ ᠮᠡᠨᠳᠦ  ᠬᠡᠶ᠋ᠢᠮᠣᠷᠢ ᠲᠡᠢ ᠨᠤᠲᠤᠭ
    ᠡᠨᠡ ᠪᠣᠯ ᠬᠦᠷᠦ ᠳᠠᠭᠤᠤ ᠶ᠋ᠢᠨ ᠨᠤᠲᠤᠭ
    ᠡᠬᠡ ᠣᠷᠣᠨ ᠳ᠋ᠠᠭᠠᠨ ᠴᠤᠤᠲᠠᠢ ᠨᠤᠲᠤᠭ᠃

ᠳᠠᠭᠤᠲᠤ ᠶ᠋ᠢᠨ ᠴᠡᠩᠬᠡᠷ ᠨᠠᠭᠤᠷ ᠮᠢᠨᠢ
ᠳᠣᠯᠣᠭᠠᠨ ᠳᠠᠭᠢᠨᠢ ᠶ᠋ᠢᠨ ᠳᠣᠮᠣᠭ ᠲᠠᠢ ᠶᠤᠮ
ᠲᠣᠭᠣᠷᠢᠵᠤ ᠨᠤᠲᠤᠭᠰᠢᠭᠰᠠᠨ ᠮᠣᠩᠭᠣᠯᠴᠤᠳ ᠮᠢᠨᠢ
ᠲᠠᠷᠠᠭ ᠰᠦ᠋ ᠪᠡᠷ ᠢ᠋ᠶ᠋ᠠᠨ ᠡᠯᠪᠡᠭ ᠲᠡᠢ ᠶᠤᠮ᠃
ᠬᠥᠬᠡᠷᠡᠨ ᠬᠠᠷᠠᠭᠳᠠᠬ ᠬᠥᠪᠴᠢ ᠶ᠋ᠢᠨ ᠮᠠᠩᠬ᠎ᠠ ᠮᠢᠨᠢ
ᠬᠥᠳᠡᠭᠡ ᠲᠠᠯ᠎ᠠ ᠳ᠋ᠤ᠌ ᠪᠠᠨ ᠵᠡᠷᠭᠡᠯᠭᠡᠨ ᠲᠡᠢ ᠶᠤᠮ
ᠬᠥᠪᠡᠭᠡ ᠵᠠᠬ᠎ᠠ ᠪᠠᠷ ᠨᠢ ᠨᠤᠲᠤᠭᠰᠢᠭᠰᠠᠨ ᠮᠣᠩᠭᠣᠯᠴᠤᠳ
ᠬᠦᠷᠦ ᠳᠠᠭᠤᠤ ᠶ᠋ᠢᠨ ᠤᠯᠠᠮᠵᠢᠯᠠᠯ ᠲᠠᠢ ᠶᠤᠮ᠃
    ᠡᠨᠡ ᠪᠣᠯ ᠬᠠᠩᠭᠢᠨ ᠨᠤᠲᠤᠭ
    ᠡᠩᠬᠡ ᠮᠡᠨᠳᠦ  ᠬᠡᠶ᠋ᠢᠮᠣᠷᠢ ᠲᠡᠢ ᠨᠤᠲᠤᠭ
    ᠡᠨᠡ ᠪᠣᠯ ᠬᠦᠷᠦ ᠳᠠᠭᠤᠤ ᠶ᠋ᠢᠨ ᠨᠤᠲᠤᠭ
    ᠡᠬᠡ ᠣᠷᠣᠨ ᠳ᠋ᠠᠭᠠᠨ ᠴᠤᠤᠲᠠᠢ ᠨᠤᠲᠤᠭ᠃
ᠡᠨᠡ ᠪᠣᠯ ᠬᠠᠩᠭᠢᠨ ᠨᠤᠲᠤᠭ
ᠡᠩᠬᠡ ᠮᠡᠨᠳᠦ  ᠬᠡᠶ᠋ᠢᠮᠣᠷᠢ ᠲᠡᠢ ᠨᠤᠲᠤᠭ
ᠡᠨᠡ ᠪᠣᠯ ᠬᠦᠷᠦ ᠳᠠᠭᠤᠤ ᠶ᠋ᠢᠨ ᠨᠤᠲᠤᠭ
ᠡᠬᠡ ᠣᠷᠣᠨ ᠳ᠋ᠠᠭᠠᠨ ᠴᠤᠤᠲᠠᠢ ᠨᠤᠲᠤᠭ᠃
ᠴᠤᠤᠲᠠᠢ ᠨᠤᠲᠤᠭ᠃

 ᠦᠰᠦᠭ ᠬᠠᠲᠠᠭᠴᠢ᠄ ᠵᠢᠷᠠᠨᠲᠠᠢ
 ᠦᠰᠦᠭ ᠠᠮᠢᠯᠠᠭᠤᠯᠤᠭᠴᠢ᠄ ᠤᠤᠭᠠᠨᠵᠢᠳ
 ᠬᠢᠨᠠᠭᠴᠢ᠄ ᠬᠥᠭᠵᠢᠯᠲᠦ᠂ ᠵᠢᠷᠠᠨᠲᠠᠢ