ᠳᠣᠮᠣᠭᠲᠤ ᠨᠤᠲᠤᠭ-ᠣᠶᠤᠨᠳᠠᠯᠠᠢDomogt nutag-OyuuntalaiДомогт нутаг-Оюунталай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠮᠣᠭᠲᠤ ᠨᠤᠲᠤᠭ-ᠣᠶᠤᠨᠳᠠᠯᠠᠢDomogt nutag-OyuuntalaiДомогт нутаг-Оюунталай

ᠳᠣᠮᠣᠭᠲᠤ ᠨᠤᠲᠤᠭ-ᠣᠶᠤᠨᠳᠠᠯᠠᠢDomogt nutag-OyuuntalaiДомогт нутаг-Оюунталай

ᠠᠩᠭᠢᠯᠠᠯ:ᠳᠠᠭᠤᠤ ᠬᠥᠭᠵᠢᠮ
2025-11-15

335

ᠳᠣᠮᠣᠭᠲᠤ ᠨᠤᠲᠤᠭ

           
   ᠦᠭᠡ᠄ ᠬᠥᠭᠵᠢᠯᠲᠦ 
   ᠠᠶ᠎ᠠ᠄ ᠲᠡᠮᠦᠷᠪᠠᠲᠤ 
   ᠣᠶᠤᠨᠳᠠᠯᠠᠢ ᠳᠠᠭᠤᠯᠠᠨ᠎ᠠ 

ᠠᠯᠠᠭ ᠵᠢᠷᠦᠬᠡᠨ  ᠳ᠋ᠦ᠍ ᠪᠣᠳᠣᠭᠳᠠᠭᠠᠳ ᠪᠠᠶ᠋ᠢᠳᠠᠭ
ᠠᠯᠲᠠᠨ ᠮᠡᠯᠡᠬᠡᠢ ᠶ᠋ᠢᠨ ᠪᠤᠯᠠᠭ ᠶᠤᠮ ᠠ᠋
ᠠᠳᠤᠭᠤᠨ ᠰᠦᠷᠦᠭ ᠢᠨᠴᠠᠭᠠᠨ ᠲᠣᠭᠯᠠᠭᠰᠠᠨ
ᠠᠪᠤ ᠶ᠋ᠢᠨ ᠳᠡᠭᠡᠳᠦ ᠭᠣᠯᠣᠮᠲᠠ ᠶᠤᠮ ᠠ᠋᠃

ᠬᠠᠮᠠᠷᠠᠭ ᠳᠣᠪᠣᠴᠠᠭ ‍ᠢᠶ᠋ᠠᠷ ᠢᠷᠠᠯᠵᠠᠭᠠᠳ ᠪᠠᠶ᠋ᠢᠳᠠᠭ
ᠬᠤᠨ ᠴᠠᠭᠠᠨ ᠬᠣᠨᠢᠳ ᠶᠤᠮ ᠠ᠋
ᠭᠠᠩᠭᠠᠷ ᠭᠣᠩᠭᠣᠷ ᠵᠢᠷᠭᠢᠭᠡᠳ ᠪᠠᠶ᠋ᠢᠳᠠᠭ
ᠭᠤᠷᠪᠠᠨ ᠪᠤᠯᠠᠭ ‍ ᠤ᠋ᠨ ᠰᠢᠪᠠᠭᠤᠳ ᠶᠤᠮ᠃

ᠲᠠᠪᠤᠨ ᠬᠣᠰᠢᠭᠤ ᠮᠠᠯ ᠤ᠋ᠨ ᠬᠡᠰᠢᠭ ᠬᠤᠷᠤᠶ᠋ᠢᠯᠠᠭᠰᠠᠨ
ᠲᠠᠩᠰᠤᠭ ᠲᠣᠷᠭᠠᠨ ᠭᠣᠯᠣᠮᠲᠠ ᠶᠤᠮ ᠠ᠋
ᠳᠠᠬᠢᠯᠲᠤ ᠪᠤᠯᠠᠭ ᠤ᠋ᠨ ᠷᠠᠰᠢᠶᠠᠨ ᠤᠮᠳᠠᠯᠠᠭᠰᠠᠨ
ᠳᠣᠮᠣᠭ ᠲᠡᠦᠬᠡᠲᠦ ᠨᠤᠲᠤᠭ ᠶᠤᠮ ᠠ᠋᠃

ᠬᠥᠬᠡ ᠲᠡᠭᠷᠢ  ᠠ᠋ᠴᠠ ᠢᠪᠡᠭᠡᠨ ᠬᠠᠶ᠋ᠢᠷᠠᠯᠠᠭᠰᠠᠨ
ᠬᠥᠪᠴᠢ ᠶ᠋ᠢᠨ ᠡᠯᠡᠰᠦᠨ ᠤ᠋ ᠨᠤᠲᠤᠭ ᠶᠤᠮ
ᠬᠦᠷᠦ ᠲᠥᠷᠥ ᠳ᠋ᠦ᠍ ᠪᠡᠨ ᠨᠡᠷ᠎ᠡ ᠪᠡᠨ ᠲᠠᠮᠠᠭᠠᠯᠠᠭᠰᠠᠨ
ᠬᠦᠷᠦ ᠳᠠᠭᠤᠤ ᠶ᠋ᠢᠨ ᠥᠯᠥᠭᠡᠢ ᠶᠤᠮ ᠠ᠋᠃

ᠲᠠᠪᠤᠨ ᠬᠣᠰᠢᠭᠤ ᠮᠠᠯ ᠤ᠋ᠨ ᠬᠡᠰᠢᠭ ᠬᠤᠷᠤᠶ᠋ᠢᠯᠠᠭᠰᠠᠨ
ᠲᠠᠩᠰᠤᠭ ᠲᠣᠷᠭᠠᠨ ᠭᠣᠯᠣᠮᠲᠠ ᠶᠤᠮ ᠠ᠋
ᠳᠠᠬᠢᠯᠲᠤ ᠪᠤᠯᠠᠭ ᠤ᠋ᠨ ᠷᠠᠰᠢᠶᠠᠨ ᠤᠮᠳᠠᠯᠠᠭᠰᠠᠨ
ᠳᠣᠮᠣᠭ ᠲᠡᠦᠬᠡᠲᠦ ᠨᠤᠲᠤᠭ  ᠶᠤᠮ ᠠ᠋᠃
ᠳᠣᠮᠣᠭ ᠲᠡᠦᠬᠡᠲᠦ ᠨᠤᠲᠤᠭ ᠶᠤᠮ ᠠ᠋᠃

  ᠦᠰᠦᠭ ᠬᠠᠲᠠᠭᠴᠢ ᠠᠮᠢᠯᠠᠭᠤᠯᠤᠭᠴᠢ᠄ ᠤᠤᠭᠠᠨᠵᠢᠳ

  ᠬᠢᠨᠠᠭᠴᠢ᠄ ᠬᠥᠭᠵᠢᠯᠲᠦ᠂ ᠵᠢᠷᠠᠨᠲᠠᠢ