ᠬᠠᠷ᠎ᠠ ᠨᠢᠳᠦᠨ ᠪᠦᠰᠡᠭᠦᠢ ᠮᠢᠨᠢ-ᠳᠠᠯᠠᠨᠪᠠᠶᠠᠷKhar nüden büsgüi mini-Dalanbayar Хар нүдэн бүсгүй минь-Даланбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠨᠢᠳᠦᠨ ᠪᠦᠰᠡᠭᠦᠢ ᠮᠢᠨᠢ-ᠳᠠᠯᠠᠨᠪᠠᠶᠠᠷKhar nüden büsgüi mini-Dalanbayar Хар нүдэн бүсгүй минь-Даланбаяр

ᠬᠠᠷ᠎ᠠ ᠨᠢᠳᠦᠨ ᠪᠦᠰᠡᠭᠦᠢ ᠮᠢᠨᠢ-ᠳᠠᠯᠠᠨᠪᠠᠶᠠᠷKhar nüden büsgüi mini-Dalanbayar Хар нүдэн бүсгүй минь-Даланбаяр

ᠠᠩᠭᠢᠯᠠᠯ:ᠳᠠᠭᠤᠤ ᠬᠥᠭᠵᠢᠮ
2025-11-14

12533

ᠬᠠᠷ᠎ᠠ ᠨᠢᠳᠦᠨ ᠪᠦᠰᠡᠭᠦᠢ ᠮᠢᠨᠢ

  ᠦᠭᠡ᠄ ᠲᠤᠭᠴᠢ ᠯᠤᠪᠰᠠᠩ 
  ᠠᠶ᠎ᠠ᠂ ᠳᠠᠭᠤᠴᠢᠨ᠄ ᠳᠠᠯᠠᠨᠪᠠᠶᠠᠷ 

 ᠬᠠᠷᠠᠬᠠᠨ ᠨᠢᠳᠦ ᠲᠡᠢ ᠥᠬᠢᠨ ᠪᠠᠢᠨ᠎ᠠ 
 ᠬᠠᠢᠷ᠎ᠠ ᠶ᠋ᠢ ᠮᠢᠨᠢ ᠲᠠᠲᠠᠭᠰᠠᠨ ᠪᠦᠰᠡᠭᠦᠢ ᠶᠦᠮ ᠴᠢ 
 ᠬᠠᠨᠢᠯᠠᠬᠤ ᠶ᠋ᠢᠨ ᠤᠴᠢᠷ ᠪᠠᠢᠳᠠᠭ ᠪᠣᠯᠪᠠ ᠤᠤ 
 ᠬᠠᠷ᠎ᠠ ᠨᠢᠳᠦᠨ ᠪᠦᠰᠡᠭᠦᠢ ᠶᠠ ᠴᠢ 
 ᠬᠠᠷ᠎ᠠ ᠨᠢᠳᠦᠨ ᠪᠦᠰᠡᠭᠦᠢ ᠮᠢᠨᠢ ᠠ᠋ 
 ᠬᠠᠢᠷ᠎ᠠ ᠶ᠋ᠢᠨ ᠴᠠᠭᠠᠨ ᠳᠠᠭᠢᠨᠢ ᠶᠤᠮ ᠴᠢ 
 ᠬᠠᠨᠢ ᠶ᠋ᠢᠨ ᠵᠠᠶᠠᠭᠠᠨ ᠤ᠋ ᠴᠢᠮ᠎ᠠ ᠪᠠᠨ 
 ᠬᠠᠢᠷᠠᠯᠠᠨ ᠰᠠᠭᠤᠬᠤ ᠵᠢᠷᠭᠠᠯ ᠲᠠᠢ ᠪᠠᠢᠨ᠎ᠠ 

 ᠳᠤᠯᠠᠭᠠᠬᠠᠨ  ᠨᠢᠳᠦ ᠲᠡᠢ ᠥᠬᠢᠨ ᠪᠠᠢᠨ᠎ᠠ 
 ᠳᠤᠷᠠᠯᠠᠯ ᠢ᠋ ᠮᠢᠨᠢ ᠪᠤᠯᠢᠶᠠᠭᠰᠠᠨ ᠪᠦᠰᠡᠭᠦᠢ ᠶᠦᠮ ᠴᠢ 
 ᠳᠤᠷᠠᠯᠠᠬᠤ ᠶ᠋ᠢᠨ ᠢᠷᠦᠭᠡᠯ ᠪᠠᠢᠳᠠᠭ ᠪᠣᠯᠪᠠ ᠤᠤ 
 ᠳᠤᠯᠠᠭᠠᠨ ᠨᠢᠳᠦᠨ ᠪᠦᠰᠡᠭᠦᠢ ᠶᠠ ᠴᠢ 
 ᠬᠠᠷ᠎ᠠ ᠨᠢᠳᠦᠨ ᠪᠦᠰᠡᠭᠦᠢ ᠮᠢᠨᠢ ᠠ᠋
 ᠬᠠᠢᠷ᠎ᠠ ᠶ᠋ᠢᠨ ᠴᠠᠭᠠᠨ ᠳᠠᠭᠢᠨᠢ ᠶᠤᠮ ᠴᠢ
 ᠬᠠᠨᠢ ᠶ᠋ᠢᠨ ᠵᠠᠶᠠᠭᠠᠨ ᠤ᠋ ᠴᠢᠮ᠎ᠠ ᠪᠠᠨ
 ᠬᠠᠢᠷᠠᠯᠠᠨ ᠰᠠᠭᠤᠬᠤ ᠵᠢᠷᠭᠠᠯ ᠲᠠᠢ ᠪᠠᠢᠨ᠎ᠠ

 ᠬᠣᠩᠭᠣᠷᠬᠠᠨ ᠨᠢᠳᠦ ᠲᠡᠢ ᠥᠬᠢᠨ ᠪᠠᠢᠨ᠎ᠠ 
 ᠬᠣᠷᠸ᠎ᠠ ᠶ᠋ᠢ ᠭᠡᠢᠭᠦᠯᠦᠭᠰᠡᠨ ᠪᠦᠰᠡᠭᠦᠢ ᠶᠦᠮ ᠴᠢ
 ᠬᠣᠣᠰᠯᠠᠬᠤ ᠶ᠋ᠢᠨ ᠲᠠᠪᠢᠯᠠᠩ ᠪᠠᠢᠳᠠᠭ ᠪᠣᠯᠪᠠ ᠤᠤ
 ᠬᠣᠩᠭᠣᠷ ᠨᠢᠳᠦᠨ ᠪᠦᠰᠡᠭᠦᠢ ᠶᠠ ᠴᠢ
 ᠬᠠᠷ᠎ᠠ ᠨᠢᠳᠦᠨ ᠪᠦᠰᠡᠭᠦᠢ ᠮᠢᠨᠢ ᠠ᠋
 ᠬᠠᠢᠷ᠎ᠠ ᠶ᠋ᠢᠨ ᠴᠠᠭᠠᠨ ᠳᠠᠭᠢᠨᠢ ᠶᠤᠮ ᠴᠢ
 ᠬᠠᠨᠢ ᠶ᠋ᠢᠨ ᠵᠠᠶᠠᠭᠠᠨ ᠤ᠋ ᠴᠢᠮ᠎ᠠ ᠪᠠᠨ
 ᠬᠠᠢᠷᠠᠯᠠᠨ ᠰᠠᠭᠤᠬᠤ ᠵᠢᠷᠭᠠᠯ ᠲᠠᠢ ᠪᠠᠢᠨ᠎ᠠ

    ᠦᠰᠦᠭ ᠠᠮᠢᠯᠠᠭᠤᠯᠤᠭᠴᠢ᠄ ᠲᠤᠭᠴᠢ ᠯᠤᠪᠰᠠᠩ
    ᠦᠰᠦᠭ ᠬᠠᠳᠠᠭᠴᠢ᠄ ᠪᠠᠢ ᠰᠠᠷᠠᠨ᠎ᠠ
    ᠬᠢᠨᠠᠭᠴᠢ ᠪᠠᠭᠰᠢ᠄ ᠲᠤᠭᠴᠢ ᠯᠤᠪᠰᠠᠩ