ᠡᠬᠡ ᠣᠷᠣᠨ ᠮᠢᠨᠢ – ᠦᠭᠡ᠄ ᠭᠠᠰᠢᠸ᠎ᠠ᠂ ᠠᠶ᠎ᠠ᠂ᠬᠥᠭᠵᠢᠮ᠄ ᠷᠢᠸᠠᠳᠢ᠂ ᠳᠠᠭᠤᠴᠢᠨ᠄ ᠣᠶᠤᠨᠰᠣᠳᠣ Эх орон минь – үгээ᠄ Гашваа, ая хөгжим᠄ Ривати, дуучин᠄ Оюунсод ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠣᠷᠣᠨ ᠮᠢᠨᠢ – ᠦᠭᠡ᠄ ᠭᠠᠰᠢᠸ᠎ᠠ᠂ ᠠᠶ᠎ᠠ᠂ᠬᠥᠭᠵᠢᠮ᠄ ᠷᠢᠸᠠᠳᠢ᠂ ᠳᠠᠭᠤᠴᠢᠨ᠄ ᠣᠶᠤᠨᠰᠣᠳᠣ Эх орон минь – үгээ᠄ Гашваа, ая хөгжим᠄ Ривати, дуучин᠄ Оюунсод

ᠡᠬᠡ ᠣᠷᠣᠨ ᠮᠢᠨᠢ – ᠦᠭᠡ᠄ ᠭᠠᠰᠢᠸ᠎ᠠ᠂ ᠠᠶ᠎ᠠ᠂ᠬᠥᠭᠵᠢᠮ᠄ ᠷᠢᠸᠠᠳᠢ᠂ ᠳᠠᠭᠤᠴᠢᠨ᠄ ᠣᠶᠤᠨᠰᠣᠳᠣ Эх орон минь – үгээ᠄ Гашваа, ая хөгжим᠄ Ривати, дуучин᠄ Оюунсод

ᠠᠩᠭᠢᠯᠠᠯ:ᠳᠠᠭᠤᠤ ᠬᠥᠭᠵᠢᠮ
2025-11-11

261

ᠡᠬᠡ ᠣᠷᠣᠨ ᠮᠢᠨᠢ

                    
                  ᠦᠭᠡ᠄ ᠭᠠᠰᠢᠸ᠎ᠠ  
                  ᠠᠶ᠎ᠠ᠄ ᠷᠢᠸᠠᠳᠢ  
                  ᠬᠥᠭᠵᠢᠮ ᠨᠠᠢᠷᠠᠭᠤᠯᠤᠭᠰᠠᠨ ᠨᠢ᠄ ᠷᠢᠸᠠᠳᠢ  
                  ᠣᠶᠤᠨᠰᠣᠳᠣ ᠳᠠᠭᠤᠯᠠᠪᠠ 

 ᠥᠨᠢᠷ ᠰᠠᠢᠬᠠᠨ ᠲᠠᠩᠰᠤᠭ ᠪᠠᠢᠭᠠᠯᠢ ᠲᠠᠢ 
 ᠥᠷᠭᠡᠨ ᠬᠠᠩᠭᠠᠢ ᠠᠭᠤᠳᠠᠮ ᠲᠠᠯ᠎ᠠ ᠲᠠᠢ 
 ᠥᠩᠰᠢᠭ ᠥᠰᠦᠭᠰᠡᠨ ᠠᠳᠤᠭᠤ ᠮᠠᠯ ᠲᠠᠢ 
 ᠥᠪᠥᠷ ᠳᠦᠭᠦᠷᠡᠩ ᠡᠬᠢ ᠪᠠᠶᠠᠯᠢᠭ ᠲᠠᠢ 
      ᠡᠬᠡ ᠣᠷᠣᠨ ᠮᠢᠨᠢ 
      ᠡᠰᠡᠷᠸ᠎ᠠ ᠲᠡᠭᠷᠢ ᠶᠢᠨ ᠢᠷᠦᠭᠡᠯ ᠲᠣᠭᠲᠠᠭᠰᠠᠨ 
      ᠡᠬᠡ ᠣᠷᠣᠨ ᠮᠢᠨᠢ 
      ᠡᠵᠡᠨ ᠪᠣᠭᠳᠠ ᠶᠢᠨ ᠰᠣᠶᠣᠷᠬᠠᠯ ᠲᠠᠢ ᠣᠷᠣᠨ 

 ᠣᠷᠣᠨ ᠪᠦᠰᠡ ᠶᠢᠨ ᠣᠢ ᠶᠢᠨ ᠳᠠᠯᠠᠢ ᠲᠠᠢ 
 ᠣᠢᠯᠤᠨ ᠳᠠᠪᠠᠯᠭᠠᠯᠠᠬᠤ ᠬᠠᠲᠤᠨ ᠭᠣᠣᠯ ᠲᠠᠢ 
 ᠮᠤᠨᠢ ᠶᠢᠨ ᠰᠦᠷᠯᠢᠭ ᠠᠭᠤᠯᠠ ᠨᠢᠷᠤᠭᠤ ᠲᠠᠢ 
 ᠮᠠᠷᠭᠠᠰᠢ ᠶᠢᠨ ᠨᠠᠷᠠ ᠮᠠᠨᠳᠤᠬᠤ ᠶᠢ ᠤᠭᠲᠤᠭᠰᠠᠨ 
      ᠡᠬᠡ ᠣᠷᠣᠨ ᠮᠢᠨᠢ 
      ᠡᠰᠡᠷᠸ᠎ᠠ ᠲᠡᠭᠷᠢ ᠶᠢᠨ ᠢᠷᠦᠭᠡᠯ ᠲᠣᠭᠲᠠᠭᠰᠠᠨ 
      ᠡᠬᠡ ᠣᠷᠣᠨ ᠮᠢᠨᠢ 
      ᠡᠵᠡᠨ ᠪᠣᠭᠳᠠ ᠶᠢᠨ ᠰᠣᠶᠣᠷᠬᠠᠯ ᠲᠠᠢ ᠣᠷᠣᠨ 

 ᠮᠥᠩᠬᠡ ᠭᠠᠯ ᠤᠨ ᠰᠢᠲᠦᠭᠡᠨ ᠲᠠᠬᠢᠯᠭ᠎ᠠ ᠲᠠᠢ 
 ᠮᠣᠩᠭᠣᠯ ᠲᠤᠭᠤᠷᠭᠠᠲᠠᠨ ᠤ ᠲᠡᠭᠷᠢ ᠵᠠᠶᠠᠭ᠎ᠠ ᠲᠠᠢ 
 ᠳᠡᠯᠡᠬᠡᠢ ᠳᠦ ᠬᠣᠣᠰ ᠦᠭᠡᠢ ᠰᠣᠶᠣᠯ ᠤᠨ 
 ᠳᠠᠭᠤᠷᠢᠰᠬᠤ ᠠᠯᠳᠠᠷ ᠢ ᠭᠡᠷᠡᠯᠳᠦᠭᠦᠯᠵᠦ ᠭᠡᠢᠭᠦᠯᠦᠭᠰᠡᠨ 
      ᠡᠬᠡ ᠣᠷᠣᠨ ᠮᠢᠨᠢ 
      ᠡᠰᠡᠷᠸ᠎ᠠ ᠲᠡᠭᠷᠢ ᠶᠢᠨ ᠢᠷᠦᠭᠡᠯ ᠲᠣᠭᠲᠠᠭᠰᠠᠨ 
      ᠡᠬᠡ ᠣᠷᠣᠨ ᠮᠢᠨᠢ 
      ᠡᠵᠡᠨ ᠪᠣᠭᠳᠠ ᠶᠢᠨ ᠰᠣᠶᠣᠷᠬᠠᠯ ᠲᠠᠢ ᠣᠷᠣᠨ