ᠤᠰᠤᠨ ᠡᠬᠢ ᠮᠢᠨᠢ -ᠰᠠᠯᠵᠢᠭᠤᠳ ᠮᠠᠭᠰᠤᠷᠵᠠᠪUsan ekh mini-Saljuud MagsarjavУсан эх минь-Салжууд Магсаржав
ᠤᠰᠤᠨ ᠡᠬᠢ ᠮᠢᠨᠢ
ᠰᠢᠯᠦᠭ᠄ ᠣᠶᠤᠨᠪᠢᠯᠢᠭ᠌ ( ᠤᠯᠠᠭᠠᠨᠬᠠᠳᠠ ᠶ᠋ᠢᠨ ᠮᠣᠩᠭᠣᠯ ᠷᠠᠳᠢᠣ᠋)
ᠠᠶ᠎ᠠ᠄ ᠰᠠᠯᠵᠢᠭᠤᠳ ᠮᠠᠭᠰᠤᠷᠵᠠᠪ
ᠳᠠᠭᠤᠴᠢᠨ᠄ ᠰᠠᠯᠵᠢᠭᠤᠳ ᠮᠠᠭᠰᠤᠷᠵᠠᠪ
ᠨᠤᠲᠤᠭ ᠤ᠋ᠨ ᠰᠦᠷ ᠢ᠋ ᠪᠠᠳᠠᠷᠠᠭᠠᠭᠰᠠᠨ
ᠪᠣᠳᠢ ᠠᠭᠤᠯᠠ ᠶ᠋ᠢᠨ ᠰᠦᠷᠯᠢᠭ ᠪᠠᠷ᠎ᠠ ᠲᠠᠢ
ᠠᠭᠤᠯᠠᠰ ᠤ᠋ᠨ ᠳᠤᠮᠳᠠ ᠪᠠᠨ ᠴᠠᠢᠯᠵᠠᠨ ᠤᠷᠤᠰᠤᠭᠰᠠᠨ
ᠠᠮᠢᠵᠢᠷᠠᠯ ᠲᠡᠵᠢᠭᠡᠯ ᠦ᠋ᠨ ᠤᠰᠤᠨ ᠡᠬᠢ ᠶ᠋ᠢᠨ ᠭᠣᠣᠯ ᠲᠠᠢ
ᠠᠢ ᠬᠦ ᠤᠰᠤᠨ ᠡᠬᠢ ᠮᠢᠨᠢ
ᠠᠮᠢᠨ ᠬᠠᠢᠷᠠᠲᠠᠢ ᠨᠤᠲᠤᠭ ᠮᠢᠨᠢ
ᠠᠢ ᠬᠦ ᠤᠰᠤᠨ ᠡᠬᠢ ᠮᠢᠨᠢ
ᠠᠰᠢᠳᠠ ᠶ᠋ᠢᠨ ᠵᠢᠷᠭᠠᠯ ᠲᠠᠢ ᠰᠠᠢᠬᠠᠨ ᠣᠷᠣᠨ
ᠮᠠᠯ ᠰᠦᠷᠦᠭ ᠦ᠋ᠨ ᠳᠠᠷᠬᠠᠨ ᠪᠡᠯᠴᠢᠭᠰᠡᠨ
ᠠᠷᠤ ᠥᠪᠥᠷ ᠬᠤᠯᠤᠰᠤᠲᠠᠢ ᠶ᠋ᠢᠨ ᠬᠥᠨᠳᠡᠢ ᠲᠡᠢ
ᠠᠭᠤᠯᠠ ᠤᠰᠤᠨ ᠤ᠋ ᠰᠢᠲᠦᠭᠡᠨ ᠢᠪᠡᠭᠡᠭᠰᠡᠨ
ᠠᠭᠤᠢ ᠶ᠋ᠢᠨ ᠣᠪᠣᠭ᠎ᠠ ᠶ᠋ᠢᠨ ᠲᠠᠬᠢᠯᠭ᠎ᠠ ᠲᠠᠢ
ᠠᠢ ᠬᠦ ᠤᠰᠤᠨ ᠡᠬᠢ ᠮᠢᠨᠢ
ᠠᠮᠢᠨ ᠬᠠᠢᠷᠠᠲᠠᠢ ᠨᠤᠲᠤᠭ ᠮᠢᠨᠢ
ᠠᠢ ᠬᠦ ᠤᠰᠤᠨ ᠡᠬᠢ ᠮᠢᠨᠢ
ᠠᠰᠢᠳᠠ ᠶ᠋ᠢᠨ ᠵᠢᠷᠭᠠᠯ ᠲᠠᠢ ᠰᠠᠢᠬᠠᠨ ᠣᠷᠣᠨ
ᠠᠪᠤ ᠳᠡᠭᠡᠳᠦᠰ ᠦ᠋ᠨ ᠨᠤᠲᠤᠭᠰᠢᠭᠰᠠᠨ
ᠠᠷᠢᠭᠤᠨ ᠪᠤᠶᠠᠨᠲᠠᠢ ᠳᠠᠷᠬᠠᠨ ᠥᠯᠥᠭᠡᠢ
ᠠᠴᠢᠷ ᠦᠷᠡᠰ ᠲᠦ᠍ ᠪᠡᠨ ᠥᠪᠯᠡᠭᠦᠯᠦᠭᠰᠡᠨ
ᠠᠯᠲᠠᠨ ᠠ᠋ᠴᠠ ᠦᠨᠡᠲᠡᠢ ᠰᠠᠢᠬᠠᠨ ᠭᠠᠵᠠᠷ ᠠ᠋
ᠠᠢ ᠬᠦ ᠤᠰᠤᠨ ᠡᠬᠢ ᠮᠢᠨᠢ
ᠠᠮᠢᠨ ᠬᠠᠢᠷᠠᠲᠠᠢ ᠨᠤᠲᠤᠭ ᠮᠢᠨᠢ
ᠠᠢ ᠬᠦ ᠤᠰᠤᠨ ᠡᠬᠢ ᠮᠢᠨᠢ
ᠠᠰᠢᠳᠠ ᠶ᠋ᠢᠨ ᠵᠢᠷᠭᠠᠯ ᠲᠠᠢ ᠰᠠᠢᠬᠠᠨ ᠣᠷᠣᠨ
ᠳᠠᠬᠢᠯᠲᠠ
ᠦᠰᠦᠭ ᠠᠮᠢᠯᠠᠭᠤᠯᠤᠭᠴᠢ᠄ ᠦᠰᠦᠭ ᠪᠠᠢ᠂ ᠰᠠᠷᠠᠨ᠎ᠠ
ᠬᠠᠳᠠᠭᠴᠢ᠄ ᠪᠠᠢ᠂ ᠰᠠᠷᠠᠨ᠎ᠠ
ᠬᠢᠨᠠᠭᠴᠢ ᠪᠠᠭᠰᠢ᠄ ᠣᠳᠬᠠᠨᠰᠤ᠎ᠠ ᠂ ᠰᠣᠨᠢᠨᠪᠠᠶᠠᠷ
